ᠠᠷᠭᠠᠮᠵᠢᠶ᠎ᠠ
ᠨᠡᠶᠢᠲᠡᠯᠡᠭᠰᠡᠨ ᠴᠠᠭ᠄
2024/10/22
ᠤᠷᠢᠶᠠᠩᠬᠠᠨ ᠤ · ᠶᠤᠨᠳᠤᠨ       — ᠶᠠᠪᠤᠭᠤᠷᠢ ᠮᠤᠷᠢ ᠶᠢ ᠲᠤᠷᠭᠤᠭᠠᠬᠤ ᠪᠠ ᠢᠳᠡᠰᠢ ᠶᠢ ᠨᠢ ᠪᠠᠳᠤᠯᠠᠬᠤ ᠳᠤ ᠬᠡᠷᠡᠭᠯᠡᠳᠡᠭ ᠤᠷᠳᠣ ᠲᠡᠭᠡᠰᠦ ᠪᠤᠶᠤ ᠰᠣᠷ ᠢᠶᠠᠷ ᠬᠢᠭᠰᠡᠨ ᠬᠡᠷᠡᠭᠯᠡᠬᠦᠷ ᠪᠤᠯᠤᠨ᠎ᠠ᠃ ᠠᠷᠭᠠᠮᠵᠢᠶ᠎ᠠ ᠨᠢ 6/8 ᠠᠯᠳᠠ ᠤᠷᠳᠤ ᠪᠠᠶᠢᠵᠦ᠂ ᠭᠡᠳᠦᠨ ᠵᠠᠯᠭᠠᠭ᠎ᠠ ᠪᠠᠷ ᠤᠷᠳᠤᠯᠠᠨ ᠵᠠᠯᠭᠠᠵᠦ ᠪᠤᠯᠬᠤ ᠪᠦᠭᠡᠳ ᠲᠤᠮᠳᠠ ᠨᠢ ᠡᠷᠬᠢᠭᠦᠯᠭᠡ ᠪᠠ ᠭᠤᠭᠴᠤᠭ᠎ᠠ ᠲᠠᠢ ᠭᠠᠳᠠᠰᠣ ᠵᠡᠷᠭᠡ ᠪᠠᠷ ᠪᠦᠷᠢᠯᠳᠦᠭᠰᠡᠨ ᠪᠠᠶᠢᠳᠠᠭ᠃ ᠤᠷᠭ᠎ᠠ — ᠤᠷᠭ᠎ᠠ ᠪᠤᠯ ᠮᠠᠯ ᠤᠨᠤᠭ᠎ᠠ ᠪᠠᠨ ᠪᠠᠷᠢᠵᠦ ᠠᠪᠬᠤ ᠪᠠ ᠬᠤᠷᠢᠵᠦ ᠬᠠᠰᠢᠬᠤ ᠳᠤ ᠬᠡᠷᠡᠭᠯᠡᠳᠡᠭ ᠪᠤᠷᠭᠠᠰᠤ ᠪᠤᠶᠤ ᠬᠤᠰᠤ ᠮᠤᠳᠤᠨ ᠢᠶᠠᠷ ᠬᠢᠭᠰᠡᠨ ᠡᠳ᠋ᠯᠡᠯ ᠪᠤᠯᠤᠨ᠎ᠠ᠃ ᠤᠷᠭ᠎ᠠ ᠨᠢ ᠤᠯᠠᠩᠬᠢ ᠳᠠᠭᠠᠨ ᠤᠵᠤᠭᠤᠷ᠂ ᠴᠡᠭᠡᠵᠢ᠂ ᠦᠵᠦᠭᠦᠷ ᠵᠡᠷᠭᠡ ᠭᠤᠷᠪᠠᠨ ᠠᠯᠳᠠ ᠶᠢᠨ ᠬᠢᠷᠢ ᠲᠠᠢ ᠨᠠᠷᠢᠬᠠᠨ ᠤᠷᠳᠣ ᠮᠤᠳᠤᠨ ᠢᠶᠠᠷ ᠭᠤᠤᠯ ᠴᠤᠭᠴᠠ ᠪᠤᠯᠵᠦ᠂ ᠪᠠᠰᠠ ᠰᠢᠷᠪᠤᠰᠦ ᠢᠯᠬᠢ ᠪᠠᠷ ᠬᠢᠭᠰᠡᠨ ᠭᠤᠷᠮᠤᠰᠤᠨ ᠬᠤᠶᠢᠪᠢ᠂ ᠰᠢᠵᠢᠮ᠂ ᠬᠦᠯᠢᠶᠡᠷ᠂ ᠴᠢᠷᠦᠬᠦᠯ ᠵᠡᠷᠬᠡ ᠪᠠᠷ ᠪᠦᠷᠢᠯᠳᠦᠨ᠎ᠡ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号