ᠬᠠᠪᠤᠷ ᠤᠨ ᠤᠯᠠᠷᠢᠯ ᠳᠤ ᠬᠤᠨᠢᠨ ᠤ ᠬᠤᠷᠠᠭ᠎ᠠ ᠶᠢ ᠬᠦᠯᠢᠶᠡᠨ ᠠᠪᠬᠤ ᠦᠶ᠎ᠡ ᠶᠢᠨ ᠠᠩᠬᠠᠷᠬᠤ ᠵᠦᠢᠯᠡᠰ
ᠨᠡᠶᠢᠲᠡᠯᠡᠭᠰᠡᠨ ᠴᠠᠭ᠄
2024/11/29
                  ᠡᠬᠢ ᠰᠤᠷᠪᠤᠯᠵᠢ ᠄ ᠸᠠᠩ ᠢ ᠮᠡᠳᠡᠭᠡ       1. ᠲᠥᠷᠥᠬᠦ ᠠᠴᠠ ᠡᠮᠦᠨᠡᠬᠢ ᠪᠡᠯᠡᠳᠬᠡᠯ       ᠬᠠᠪᠤᠷ ᠤᠨ ᠤᠯᠠᠷᠢᠯ ᠳᠤ ᠂ ᠢᠯᠠᠩᠭᠤᠶ᠎ᠠ 3-4 ᠳ᠋ᠦ᠋ᠭᠡᠷ ᠰᠠᠷ᠎ᠠ ᠨᠤᠭᠤᠳ ᠲᠤ ᠬᠤᠨᠢᠨ ᠤ ᠬᠤᠷᠠᠭ᠎ᠠ ᠲᠥᠷᠥᠬᠦ ᠬᠠᠮᠤᠭ ᠤᠨ ᠢᠳᠡᠪᠬᠢᠲᠡᠢ ᠦᠶ᠎ᠡ ᠲᠣᠬᠢᠶᠠᠳᠠᠭ ᠃ ᠡᠨᠡ ᠦᠶ᠎ᠡ ᠳᠤ ᠴᠠᠭ ᠠᠭᠠᠷ ᠤᠨ ᠨᠥᠬᠦᠴᠡᠯ ᠳᠤᠯᠠᠭᠠᠷᠠᠬᠤ ᠪᠣᠯᠪᠠᠴᠤ ᠰᠥᠨᠢ ᠳᠤ ᠪᠠᠨ ᠬᠦᠢᠲᠡᠨ ᠪᠠᠶᠢᠬᠤ ᠮᠠᠭᠠᠳᠯᠠᠯ ᠲᠠᠢ ᠲᠤᠯᠠ ᠡᠬᠡ ᠬᠤᠨᠢᠨ ᠳᠤ ᠲᠣᠬᠢᠷᠠᠭᠰᠠᠨ ᠳᠤᠯᠠᠭᠠᠨ ᠣᠷᠴᠢᠨ ᠢ ᠪᠦᠷᠢᠳᠦᠭᠦᠯᠬᠦ ᠱᠠᠭᠠᠷᠳᠠᠯᠭ᠎ᠠ ᠲᠠᠢ ᠃       ᠬᠤᠷᠠᠭ᠎ᠠ ᠭᠠᠷᠬᠤ ᠪᠠᠶᠢᠷᠢᠨ ᠤ ᠠᠭᠠᠷ ᠤᠨ ᠳᠤᠯᠠᠭᠠᠨ ᠢ 5°C᠎ ᠠᠴᠠ ᠳᠡᠭᠡᠭᠰᠢ ᠪᠠᠶᠢᠯᠭᠠᠨ᠎ᠠ ᠃       ᠪᠠᠶᠢᠷᠢ ᠶᠢ 2-4%᠎ ᠤᠨ ᠹᠥᠷᠮᠠᠯᠢ ᠲᠠᠢ ᠠᠭᠤᠰᠤᠮᠠᠯ ᠡᠰᠡᠪᠡᠯ 15-20%᠎ ᠤᠨ ᠦᠨᠡᠰᠦᠨ ᠠᠭᠤᠰᠤᠮᠠᠯ ᠢᠶᠠᠷ ᠠᠷᠢᠭᠤᠳᠬᠠᠨ᠎ᠠ ᠃       ᠦᠷᠭᠦᠯᠵᠢ ᠬᠠᠭᠤᠷᠠᠢ ᠪᠠᠶᠢᠯᠭᠠᠬᠤ ᠶᠢᠨ ᠲᠤᠯᠠᠳᠠ ᠬᠠᠭᠤᠷᠠᠢ ᠡᠪᠡᠰᠦ ᠂ ᠡᠯᠡᠰᠦ ᠳᠡᠪᠰᠡᠬᠦ ᠬᠡᠷᠡᠭᠲᠡᠢ ᠃       ᠠᠷᠢᠭᠤᠳᠬᠠᠯ ᠤᠨ ᠪᠣᠳᠠᠰ ᠤᠳ ︵ᠵᠢᠱᠢᠶ᠎ᠡ ᠨᠢ ᠂ ᠰᠫᠢᠷᠲ ᠂ ᠢᠣᠳ᠋ ᠭᠡᠬᠦ ᠮᠡᠲᠦ ︶ ᠪᠣᠯᠣᠨ ᠪᠤᠰᠤᠳ ᠬᠡᠷᠡᠭᠰᠡᠯ ᠤᠳ ᠢ ᠪᠡᠯᠡᠳᠬᠡᠨ᠎ᠡ ᠃       ᠲᠥᠷᠥᠬᠦ ᠭᠡᠵᠦ ᠪᠤᠢ ᠡᠬᠡ ᠬᠤᠨᠢ ᠲᠠᠶᠢᠪᠤᠩ ᠪᠠᠶᠢᠬᠤ ᠶᠣᠰᠣᠲᠠᠢ ᠲᠤᠯᠠ ᠲᠡᠳᠡᠨ ᠢ ᠴᠡᠴᠡᠷᠡᠭᠦᠯᠬᠦ ᠂ ᠦᠷᠭᠦᠭᠡᠬᠦ ᠂ ᠬᠤᠷᠳᠤᠨ ᠬᠥᠭᠡᠭᠡᠬᠦ ᠂ ᠱᠤᠤᠭᠢᠶᠠᠨ ᠡᠭᠦᠰᠬᠡᠬᠦ ᠦᠢᠯᠡᠳᠦᠯ ᠠᠴᠠ ᠵᠠᠶᠢᠯᠠᠰᠬᠢ ᠃       2. ᠬᠤᠷᠠᠭ᠎ᠠ ᠬᠦᠯᠢᠶᠡᠨ ᠠᠪᠬᠤ       ᠬᠤᠷᠠᠭ᠎ᠠ ᠲᠥᠷᠥᠭᠰᠡᠨ ᠤ ᠳᠠᠷᠠᠭ᠎ᠠ ᠳᠠᠷᠠᠭᠠᠬᠢ ᠠᠯᠬᠤᠮ ᠤᠳ ᠢ ᠬᠢᠨ᠎ᠡ ᠄        ᠬᠤᠷᠠᠭᠠᠨ ᠤ ᠠᠮᠠ ᠂ ᠬᠠᠮᠠᠷ ᠂ ᠴᠢᠬᠢᠨ ᠳᠤ ᠬᠤᠷᠠᠮᠳᠤᠯᠠᠭᠳᠠᠭᠰᠠᠨ ᠰᠠᠯᠢᠶ᠎ᠠ ᠶᠢ ᠭᠠᠷ ᠢᠶᠠᠷ ᠴᠡᠪᠡᠷᠯᠡᠨ᠎ᠡ ᠃       ᠡᠬᠡ ᠬᠤᠨᠢ ᠬᠤᠷᠠᠭ᠎ᠠ ᠪᠠᠨ ᠠᠷᠴᠢᠵᠤ ᠴᠡᠪᠡᠷᠯᠡᠬᠦ ᠪᠣᠯᠣᠮᠵᠢ ᠲᠠᠢ ᠪᠠᠶᠢᠬᠤ ᠨᠢ ᠴᠢᠬᠤᠯᠠ ᠃ ᠬᠡᠷᠪᠡ ᠡᠬᠡ ᠬᠤᠨᠢ ᠬᠤᠷᠠᠭ᠎ᠠ ᠤᠷᠤᠭᠤ ᠲᠠᠲᠠᠭᠳᠠᠬᠤ ᠦᠭᠡᠢ ᠪᠣᠯ ᠬᠤᠷᠠᠭᠠᠨ ᠤ ᠪᠡᠶ᠎ᠡ ᠳᠤ ᠪᠤᠭᠤᠳᠠᠢ ᠶᠢᠨ ᠬᠡᠪᠢᠭ ᠰᠠᠴᠤᠵᠤ ᠥᠭᠭᠦᠨ᠎ᠡ ᠃       ᠬᠦᠢᠲᠡᠨ ᠡᠳᠦᠷ ᠤᠳ ᠲᠤ ᠬᠤᠷᠠᠭᠠᠨ ᠤ ᠠᠷᠠᠰᠤ ᠶᠢ ᠬᠠᠭᠤᠷᠠᠢ ᠳᠠᠪᠤᠤ ᠪᠠᠷ ᠠᠷᠴᠢᠵᠤ ᠬᠠᠲᠠᠭᠠᠨ᠎ᠠ ᠃ ᠡᠬᠡ ᠂ ᠬᠤᠷᠠᠭ᠎ᠠ ᠬᠤᠶᠠᠷ ᠢ ᠨᠢᠭᠡ ᠬᠠᠰᠢᠶᠠᠨ ᠳᠤ ᠪᠠᠶᠢᠷᠢᠯᠠᠭᠤᠯᠤᠨ᠎ᠠ ᠃       ᠬᠤᠷᠠᠭᠠᠨ ᠤ ᠬᠦᠢ ᠨᠢ ᠶᠡᠬᠡᠪᠴᠢᠯᠡᠨ ᠥᠪᠡᠷ ᠢᠶᠠᠨ ᠲᠠᠰᠤᠷᠠᠳᠠᠭ ᠃ ᠬᠡᠷᠪᠡ ᠲᠠᠰᠤᠷᠠᠭ᠎ᠠ ᠦᠭᠡᠢ ᠪᠣᠯ ᠭᠠᠷ ᠢᠶᠠᠷ ᠮᠤᠰᠬᠢᠨ ᠰᠠᠯᠭᠠᠵᠤ ᠂ ᠳᠠᠷᠠᠭ᠎ᠠ ᠨᠢ ᠠᠷᠢᠭᠤᠳᠬᠠᠨ᠎ᠠ ᠃       ᠬᠡᠷᠪᠡ ᠬᠠᠶᠢᠴᠢ ᠠᠰᠢᠭᠯᠠᠬᠤ ᠪᠣᠯ ᠬᠦᠢ ᠶᠢᠨ ᠴᠢᠰᠤ ᠶᠢ ᠰᠢᠬᠠᠵᠤ ᠂ 4 ᠰᠠᠨᠲ᠋ᠢᠮᠧᠲᠷ ᠣᠷᠴᠢᠮ ᠤᠷᠲᠤ ᠲᠠᠢ ᠲᠠᠰᠤᠳᠠᠵᠤ ᠂ ᠢᠣᠳ᠋ ᠲᠦᠷᠬᠢᠨ᠎ᠡ ᠃       ᠲᠥᠷᠥᠭᠰᠡᠨ ᠤ ᠳᠠᠷᠠᠭ᠎ᠠ ᠡᠬᠡ ᠬᠤᠨᠢᠨ ᠳᠤ ᠄        ᠪᠦᠯᠢᠶᠡᠨ ᠤᠰᠤ ᠥᠭᠭᠦᠨ᠎ᠡ ᠃ ᠤᠰᠤᠨ ᠳᠤ ᠪᠠᠭ᠎ᠠ ᠵᠡᠷᠭᠡ ᠬᠡᠪᠢᠭ ᠂ ᠳᠠᠪᠤᠰᠤ ᠨᠡᠮᠡᠪᠡᠯ ᠵᠣᠬᠢᠮᠵᠢᠲᠠᠢ ᠃       ᠡᠬᠡ ᠬᠤᠨᠢᠨ ᠤ ᠬᠥᠬᠦᠨ ᠤ ᠣᠶᠢᠷ᠎ᠠ ᠣᠷᠴᠢᠮ ᠤᠨ ᠤᠷᠲᠤ ᠨᠣᠣᠰᠣ ᠶᠢ ᠲᠠᠭᠠᠷᠢᠵᠤ ᠂ ᠬᠥᠬᠦ ᠶᠢ ᠠᠷᠢᠭᠤᠳᠬᠠᠯ ᠤᠨ ᠪᠦᠯᠢᠶᠡᠨ ᠤᠰᠤ ᠪᠠᠷ ᠤᠬᠢᠶᠠᠵᠤ ᠂ ᠡᠬᠢᠨ ᠤ ᠬᠡᠳᠦᠨ ᠳᠤᠰᠤᠯ ᠢ ᠰᠢᠬᠠᠵᠤ ᠬᠤᠷᠠᠭᠠᠨ ᠳᠤ ᠰᠣᠷᠣᠭᠤᠯᠬᠤ ᠪᠣᠯᠣᠮᠵᠢ ᠶᠢ ᠪᠦᠷᠢᠳᠦᠭᠦᠯᠦᠨ᠎ᠡ ᠃       3. ᠬᠥᠯᠳᠡᠭᠰᠡᠨ ᠬᠤᠷᠠᠭ᠎ᠠ ᠶᠢ ᠶᠠᠭᠠᠷᠠᠯᠲᠠᠢ ᠲᠤᠰᠠᠯᠠᠮᠵᠢ ᠦᠵᠡᠭᠦᠯᠬᠦ       ᠬᠦᠢᠲᠡᠨ ᠳᠤ ᠬᠥᠯᠳᠡᠭᠰᠡᠨ ᠬᠤᠷᠠᠭ᠎ᠠ ᠶᠢ ᠰᠢᠭᠤᠳ ᠄        38°C᠎ ᠤᠨ ᠪᠦᠯᠢᠶᠡᠨ ᠤᠰᠤᠨ ᠳᠤ ᠳᠦᠷᠦᠵᠦ ᠂ ᠠᠭᠠᠷ ᠤᠨ ᠳᠤᠯᠠᠭᠠᠨ ᠠᠭᠠᠵᠢᠮ ᠢᠶᠠᠷ 40°C ᠬᠦᠷᠲᠡᠯ᠎ᠡ ᠨᠡᠮᠡᠭᠳᠡᠭᠦᠯᠦᠨ᠎ᠡ ︵ᠬᠤᠷᠠᠭᠠᠨ ᠤ ᠲᠣᠯᠣᠭᠠᠢ ᠶᠢ ᠤᠰᠤᠨ ᠠᠴᠠ ᠭᠠᠷᠭᠠᠨ᠎ᠠ ︶᠎ ᠃       20-30 ᠮᠢᠨᠦ᠋ᠲ ᠤᠨ ᠲᠤᠷᠰᠢ ᠳᠤᠯᠠᠭᠠᠨ ᠤᠰᠤᠨ ᠳᠤ ᠪᠠᠶᠢᠯᠭᠠᠵᠤ ᠂ ᠳᠠᠷᠠᠭ᠎ᠠ ᠨᠢ ᠬᠢᠮᠡᠯ ᠠᠮᠢᠰᠬᠤᠯ ᠬᠢᠵᠦ ᠠᠮᠢᠳᠤᠷᠠᠭᠤᠯᠬᠤ ᠪᠣᠯᠣᠮᠵᠢ ᠲᠠᠢ ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号