| ᠡᠬᠢ ᠰᠤᠷᠪᠤᠯᠵᠢ ᠄ ᠲᠢᠶᠠᠨᠵᠢᠨ ᠡᠳᠦᠷ ᠤᠨ ᠰᠣᠨᠢᠨ | ᠬᠤᠨᠢᠨ ᠤ ᠮᠢᠬ᠎ᠠ ᠨᠢ ᠠᠮᠲᠠᠯᠢᠭ ᠂ ᠳᠤᠯᠠᠭᠠᠨ ᠴᠢᠨᠠᠷᠲᠠᠢ ᠪᠥᠭᠡᠳ ᠬᠡᠲᠦ ᠬᠠᠯᠠᠭᠤᠨ ᠪᠢᠰᠢ ᠂ ᠪᠡᠶ᠎ᠡ ᠶᠢ | ᠳᠤᠯᠠᠭᠠᠴᠠᠭᠤᠯᠵᠤ ᠂ ᠠᠭᠤᠰᠬᠢ ᠪᠣᠯᠣᠨ ᠪᠥᠭᠡᠷᠡᠨ ᠤ ᠦᠢᠯᠡ ᠠᠵᠢᠯᠯᠠᠭ᠎ᠠ ᠶᠢ ᠳᠡᠮᠵᠢᠬᠦ ᠂ ᠪᠡᠶ᠎ᠡ ᠶᠢᠨ ᠪᠤᠯᠴᠢᠩ ᠢ | ᠴᠢᠩᠭᠠᠷᠠᠭᠤᠯᠳᠠᠭ᠃ | ᠬᠦᠢᠲᠡᠨ ᠢ ᠬᠥᠭᠡᠭᠡᠨ ᠂ ᠳᠤᠯᠠᠭᠠᠴᠠᠭᠤᠯᠳᠠᠭ ᠭᠤᠷᠪᠠᠨ ᠲᠥᠷᠥᠯ ᠤᠨ ᠬᠤᠭᠤᠯᠠ | 1. ᠨᠤᠭᠤᠭᠠᠨ ᠰᠣᠩᠭᠢᠨ᠎ᠠ ᠲᠠᠢ ᠬᠤᠨᠢᠨ ᠤ ᠮᠢᠬ᠎ᠠ | ᠣᠷᠣᠴᠠ ᠄ ᠬᠤᠨᠢᠨ ᠤ ᠮᠢᠬ᠎ᠠ ︵ᠭᠤᠶ᠎ᠠ ᠶᠢᠨ ᠬᠡᠰᠡᠭ ︶ 200 ᠭᠷᠡᠮ ︵ᠰᠢᠷᠬᠡᠭ ᠢ ᠨᠢ ᠠᠪᠴᠤ ᠂ 5 | ᠰᠠᠨᠲ᠋ᠢᠮᠧᠲᠷ ᠤᠷᠲᠤ ᠲᠠᠢ ᠨᠠᠷᠢᠨ ᠬᠡᠷᠴᠢᠵᠦ ᠪᠡᠯᠡᠳᠬᠡᠨ᠎ᠡ ︶ ᠂ ᠲᠣᠮᠣ ᠨᠣᠭᠤᠭᠠᠨ ᠰᠣᠩᠭᠢᠨ᠎ᠠ 200 ᠭᠷᠡᠮ ︵ᠵᠢᠰᠦᠮ | ᠪᠣᠯᠭᠠᠵᠤ ᠪᠡᠯᠡᠳᠬᠡᠨ᠎ᠡ ︶ ᠂ ᠰᠠᠷᠢᠮᠰᠠᠭ 6 ᠬᠢᠮᠤᠰᠤ ︵ᠴᠡᠪᠡᠷᠯᠡᠵᠦ ᠂ ᠵᠢᠵᠢᠭᠯᠡᠨᠡ ︶ ᠃ | ᠬᠢᠬᠦ ᠠᠷᠭ᠎ᠠ ᠄ ᠲᠣᠭᠤᠭᠠᠨ ᠳᠤ ᠲᠣᠰᠣ ᠬᠠᠯᠠᠭᠠᠵᠤ ᠂ ᠮᠢᠬ᠎ᠠ ᠪᠠᠨ ᠬᠢᠵᠦ ᠬᠠᠭᠠᠷᠢᠨ᠎ᠠ᠃ ᠳᠠᠷᠠᠭ᠎ᠠ ᠨᠢ | ᠳᠠᠪᠤᠰᠤ ᠂ ᠠᠷᠢᠬᠢ ᠂ ᠴᠠᠭᠠᠨ ᠭᠠ ᠂ ᠰᠢᠷ᠎ᠠ ᠪᠤᠷᠴᠠᠭ ᠤᠨ ᠵᠢᠶᠠᠩ ᠨᠡᠮᠡᠵᠦ ᠂ ᠠᠮᠲᠠ ᠣᠷᠣᠲᠠᠯ᠎ᠠ ᠬᠠᠭᠤᠷᠠᠨᠠ ᠃ | ᠨᠤᠭᠤᠭᠠᠨ ᠰᠣᠩᠭᠢᠨ᠎ᠠ ᠶᠢᠨ ᠴᠠᠭᠠᠨ ᠬᠡᠰᠡᠭ ᠂ ᠰᠠᠷᠢᠮᠰᠠᠭ ᠂ ᠴᠠᠭᠠᠨ ᠼᠤᠤ ᠬᠢᠵᠦ ᠂ ᠪᠠᠭ᠎ᠠ ᠵᠡᠷᠭᠡ ᠭᠦᠨᠵᠢᠳ ᠤᠨ | ᠲᠣᠰᠣ ᠨᠡᠮᠡᠭᠡᠳ ᠰᠢᠷᠡᠭᠡ ᠵᠠᠰᠠᠨ᠎ᠠ ᠃ | 2. ᠬᠤᠨᠢᠨ ᠤ ᠮᠢᠬᠠᠨ ᠪᠥᠮᠪᠦᠯᠢᠭ | ᠣᠷᠣᠴᠠ ᠄ ᠬᠤᠨᠢᠨ ᠤ ᠮᠢᠬ᠎ᠠ 500 ᠭᠷᠡᠮ ︵ᠰᠠᠶᠢᠲᠤᠷ ᠵᠢᠵᠢᠭᠯᠡᠨᠡ ︶ ᠂ ᠨᠣᠭᠤᠭᠠᠨ ᠰᠣᠩᠭᠢᠨ᠎ᠠ 200 | ᠭᠷᠡᠮ ᠂ ᠴᠠᠭᠠᠨ ᠭᠠ 30 ᠭᠷᠡᠮ ᠂ ᠤᠰᠤ ᠪᠠᠭ᠎ᠠ ᠵᠡᠷᠭᠡ ᠃ | ᠬᠢᠬᠦ ᠠᠷᠭ᠎ᠠ ᠄ ᠬᠤᠨᠢᠨ ᠤ ᠮᠢᠬ᠎ᠠ ᠂ ᠨᠣᠭᠤᠭᠠᠨ ᠰᠣᠩᠭᠢᠨ᠎ᠠ ᠂ ᠴᠠᠭᠠᠨ ᠭᠠ ᠪᠠᠨ ᠬᠤᠯᠢᠵᠤ ᠂ ᠳᠠᠪᠤᠰᠤ ᠂ | ᠠᠮᠲᠠᠯᠠᠭᠴᠢ ᠠᠷᠢᠬᠢ ᠂ ᠲᠠᠯᠬ᠎ᠠ ᠶᠢᠨ ᠦᠢᠷᠡᠮᠡᠭ ᠂ ᠰᠢᠷ᠎ᠠ ᠪᠤᠷᠴᠠᠭ ᠤᠨ ᠵᠢᠶᠠᠩ ᠨᠡᠮᠡᠨ᠎ᠡ ᠃ ᠭᠠᠷ ᠤᠨ ᠠᠯᠠᠭ᠎ᠠ ᠪᠠᠷ | ᠰᠠᠮᠤᠷ ᠤᠨ ᠬᠡᠮᠵᠢᠶ᠎ᠡ ᠲᠠᠢ ᠪᠥᠮᠪᠦᠯᠢᠭ ᠬᠡᠯᠪᠡᠷᠢ ᠳᠤ ᠣᠷᠣᠭᠤᠯᠵᠤ ᠂ ᠯᠤᠤᠪᠠᠩ ᠤᠨ ᠵᠤᠲᠠᠩ ᠲᠠᠢ ᠬᠠᠮᠲᠤ ᠪᠤᠴᠠᠯᠭᠠᠵᠤ | ᠪᠣᠯᠭᠠᠭᠰᠠᠨ ᠤ ᠳᠠᠷᠠᠭ᠎ᠠ ᠢᠳᠡᠨ᠎ᠡ ᠃ | 3. ᠬᠠᠯᠠᠭᠤᠨ ᠲᠣᠭᠤᠭᠠᠨ ᠤ ᠬᠤᠨᠢᠨ ᠤ ᠮᠢᠬ᠎ᠠ | ᠣᠷᠣᠴᠠ ᠄ ᠬᠤᠨᠢᠨ ᠤ ᠮᠢᠬ᠎ᠠ 100 ᠭᠷᠡᠮ ︵ᠪᠤᠴᠠᠯᠭᠠᠵᠤ ᠂ ᠤᠬᠢᠶᠠᠵᠤ ᠪᠡᠯᠡᠳᠬᠡᠨ᠎ᠡ ︶ ᠂ ᠬᠥᠯᠳᠡᠭᠡᠭᠰᠡᠨ | ᠨᠢᠲᠠᠷᠬᠠᠢ 50 ᠭᠷᠡᠮ ︵ᠵᠢᠵᠢᠭᠯᠡᠨᠡ ︶ ᠂ ᠠᠮᠲᠠᠲᠤ ᠴᠠᠭᠠᠨ ᠨᠣᠭᠤᠭ᠎ᠠ 100 ᠭᠷᠡᠮ ︵ᠤᠬᠢᠶᠠᠵᠤ ᠪᠡᠯᠡᠳᠬᠡᠨ᠎ᠡ ︶ ᠃ | ᠬᠢᠬᠦ ᠠᠷᠭ᠎ᠠ ᠄ ᠡᠯᠡᠰᠦᠨ ᠰᠢᠬᠢᠷ ᠂ ᠠᠷᠢᠬᠢ ᠂ ᠴᠠᠭᠠᠨ ᠭᠠ ᠶᠢᠨ ᠬᠠᠮᠲᠤ 30 ᠮᠢᠨᠦ᠋ᠲ ᠪᠤᠴᠠᠯᠭᠠᠵᠤ ᠂ | ᠱᠥᠯᠥ ᠪᠡᠯᠡᠳᠬᠡᠨ᠎ᠡ ᠃ ᠰᠠᠪᠠᠨ ᠳᠤ ᠨᠢᠲᠠᠷᠬᠠᠢ ᠂ ᠬᠤᠨᠢᠨ ᠤ ᠮᠢᠬ᠎ᠠ ᠶᠢ ᠲᠠᠯᠪᠢᠵᠤ ᠂ 20 ᠮᠢᠨᠦ᠋ᠲ ᠪᠤᠴᠠᠯᠭᠠᠭᠠᠳ ᠂ | ᠳᠠᠪᠤᠰᠤ ᠂ ᠰᠢᠷ᠎ᠠ ᠪᠤᠷᠴᠠᠭ ᠤᠨ ᠵᠢᠶᠠᠩ ᠂ ᠠᠯᠢᠱᠠᠮ ᠨᠡᠮᠡᠭᠡᠳ ᠂ ᠴᠠᠭᠠᠨ ᠨᠣᠭᠤᠭ᠎ᠠ ᠬᠢᠵᠦ ᠂ ᠳᠠᠬᠢᠨ ᠪᠤᠴᠠᠯᠭᠠᠭᠠᠳ | ᠬᠤᠭᠤᠯᠠ ᠪᠠᠨ ᠪᠡᠯᠡᠨ ᠪᠣᠯᠭᠠᠨ᠎ᠠ ᠃ | |