| ᠡᠬᠢ ᠰᠤᠷᠪᠤᠯᠵᠢ ᠄ ᠪᠤᠭᠤᠲᠤ ᠡᠳᠦᠷ ᠤᠨ ᠰᠣᠨᠢᠨ | ᠥᠪᠥᠷ ᠮᠣᠩᠭᠤᠯ ᠤᠨ ᠪᠤᠭᠤᠲᠤ ᠬᠤᠲᠠ ︽ 13 ᠳ᠋ᠤᠭᠠᠷ ᠲᠠᠪᠤᠨ ᠵᠢᠯ ᠤᠨ ᠲᠥᠯᠥᠪᠯᠡᠭᠡ ︾ ᠤ | ᠬᠦᠷᠢᠶᠡᠨ ᠳᠤ ᠮᠢᠬᠠᠨ ᠤ ᠰᠢᠨ᠎ᠡ ᠡᠭᠦᠯᠳᠡᠷ ᠪᠣᠯᠬᠤ ︽ᠲᠠᠯ᠎ᠠ ᠶᠢᠨ ᠭᠤᠪᠢ ᠶᠢᠨ ᠬᠤᠨᠢ ︾ ᠢ ᠰᠣᠩᠭᠤᠨ ᠦᠷᠡᠵᠢᠭᠦᠯᠬᠦ | ᠠᠵᠢᠯ ᠢ ᠡᠬᠢᠯᠡᠭᠦᠯᠵᠦ ᠂ ᠮᠢᠬᠠᠨ ᠤ ᠴᠢᠭᠯᠡᠯ ᠤᠨ ᠬᠤᠨᠢ ᠦᠷᠡᠵᠢᠭᠦᠯᠭᠡ ᠶᠢᠨ ᠰᠠᠯᠪᠤᠷᠢ ᠶᠢᠨ ᠥᠷᠢᠰᠦᠯᠳᠦᠬᠦ | ᠴᠢᠳᠠᠪᠤᠷᠢ ᠶᠢ ᠳᠡᠭᠡᠭᠰᠢᠯᠡᠭᠦᠯᠬᠦ ᠪᠠᠷ ᠵᠣᠷᠢᠵᠤ ᠪᠠᠶᠢᠨ᠎ᠠ ᠃ ᠤᠭ ᠲᠥᠰᠥᠯ ᠢ 2016 ᠣᠨ ᠳᠤ ᠡᠬᠢᠯᠡᠭᠦᠯᠵᠦ ᠂ | ᠳᠠᠷᠬᠠᠨ ᠮᠤᠤᠮᠢᠩᠭᠠᠨ ᠬᠤᠰᠢᠭᠤ ᠶᠢ ᠭᠤᠣᠯ ᠪᠦᠰᠡ ᠪᠣᠯᠭᠠᠨ ᠂ ᠣᠶᠢᠷᠠᠯᠴᠠᠭᠠᠬᠢ ᠬᠤᠰᠢᠭᠤᠳ ᠢ ᠬᠠᠮᠤᠷᠤᠭᠤᠯᠬᠤ ᠪᠠᠷ | ᠲᠥᠯᠥᠪᠯᠡᠵᠡᠢ ᠃ | ᠪᠤᠭᠤᠲᠤ ᠬᠤᠲᠠ ᠶᠢᠨ ᠬᠤᠨᠢ ᠦᠷᠡᠵᠢᠭᠦᠯᠭᠡ ᠶᠢᠨ ᠰᠠᠯᠪᠤᠷᠢ ᠶᠢᠨ ᠬᠥᠭᠵᠢᠯ | ᠰᠡᠭᠦᠯ ᠤᠨ ᠵᠢᠯ ᠤᠳ ᠲᠤ ᠪᠤᠭᠤᠲᠤ ᠬᠤᠲᠠ ︽ᠰᠦ ᠪᠠ ᠮᠢᠬ᠎ᠠ ᠬᠤᠣᠰᠯᠠᠨ ᠬᠥᠭᠵᠢᠭᠦᠯᠬᠦ ︾ | ᠰᠳ᠋ᠷᠠᠲ᠋ᠧᠭᠢ ᠶᠢ ᠠᠮᠵᠢᠯᠲᠠᠲᠠᠢ ᠬᠡᠷᠡᠭᠵᠢᠭᠦᠯᠦᠭᠰᠡᠨ ᠢᠶᠠᠷ ᠮᠢᠬᠠᠨ ᠤ ᠴᠢᠭᠯᠡᠯ ᠤᠨ ᠬᠤᠨᠢ ᠦᠷᠡᠵᠢᠭᠦᠯᠭᠡ ᠶᠢᠨ ᠰᠠᠯᠪᠤᠷᠢ | ᠬᠤᠷᠳᠤᠴᠠ ᠲᠠᠢ ᠬᠥᠭᠵᠢᠭᠰᠡᠨ ᠃ 2015 ᠣᠨ ᠤ ᠡᠴᠦᠰ ᠤᠨ ᠪᠠᠶᠢᠳᠠᠯ ᠢᠶᠠᠷ ᠬᠤᠲᠠ ᠶᠢᠨ ᠬᠡᠮᠵᠢᠶᠡᠨ ᠳᠤ ᠨᠡᠶᠢᠲᠡ | 4.5 ᠲᠦᠮᠡᠨ ᠬᠤᠨᠢ ᠪᠤᠢ ᠪᠣᠯᠵᠤ ᠂ 6.4 ᠲᠦᠮᠡᠨ ᠬᠤᠨᠢ ᠵᠠᠬ᠎ᠠ ᠵᠡᠭᠡᠯᠢ ᠳᠤ ᠨᠡᠶᠢᠯᠡᠭᠦᠯᠦᠭᠳᠡᠭᠰᠡᠨ ᠨᠢ ᠡᠮᠦᠨᠡᠬᠢ | ᠣᠨ ᠤ ᠮᠥᠨ ᠦᠶ᠎ᠡ ᠲᠠᠢ ᠬᠠᠷᠢᠴᠠᠭᠤᠯᠬᠤ ᠳᠤ 8.7% ᠪᠣᠯᠣᠨ 7.4% — ᠪᠠᠷ ᠥᠰᠦᠭᠰᠡᠨ ᠦᠵᠡᠭᠦᠯᠦᠯᠲᠡ | ᠶᠤᠮ ᠃ | ᠲᠠᠯ᠎ᠠ ᠶᠢᠨ ᠭᠤᠪᠢ ᠶᠢᠨ ᠬᠤᠨᠢ ᠶᠢ ᠦᠷᠡᠵᠢᠭᠦᠯᠬᠦ ᠠᠵᠢᠯ ᠤᠨ ᠠᠴᠢ ᠬᠤᠯᠪᠣᠭᠳᠠᠯ | ᠪᠤᠭᠤᠲᠤ ᠬᠤᠲᠠ ᠶᠢᠨ ᠬᠥᠳᠡᠭᠡ ᠠᠵᠤ ᠠᠬᠤᠢ ᠂ ᠮᠠᠯ ᠠᠵᠤ ᠠᠬᠤᠢ ᠶᠢᠨ ᠲᠣᠪᠴᠢᠶᠠᠨ ᠠᠴᠠ ᠬᠤᠷᠠᠯ | ᠵᠣᠬᠢᠶᠠᠨ ᠪᠠᠶᠢᠭᠤᠯᠵᠤ ᠂ ᠲᠠᠯ᠎ᠠ ᠶᠢᠨ ᠭᠤᠪᠢ ᠶᠢᠨ ᠬᠤᠨᠢ ᠶᠢ ᠦᠷᠡᠵᠢᠭᠦᠯᠬᠦ ᠠᠵᠢᠯ ᠤᠨ ᠵᠣᠷᠢᠯᠭ᠎ᠠ ᠂ ᠠᠴᠢ | ᠬᠤᠯᠪᠣᠭᠳᠠᠯ ᠢ ᠬᠡᠯᠡᠯᠴᠡᠭᠰᠡᠨ ᠃ ᠡᠨᠡ ᠬᠦ ᠡᠭᠦᠯᠳᠡᠷ ᠢ ᠰᠣᠩᠭᠤᠨ ᠦᠷᠡᠵᠢᠭᠦᠯᠬᠦ ᠨᠢ ᠳᠠᠷᠠᠭᠠᠬᠢ ᠳᠠᠪᠠᠭᠤ | ᠲᠠᠯ᠎ᠠ ᠨᠤᠭᠤᠳ ᠢ ᠪᠤᠢ ᠪᠣᠯᠭᠠᠨ᠎ᠠ ᠄ | ᠮᠢᠬᠠᠨ ᠤ ᠭᠠᠷᠴᠠ ᠶᠢ ᠨᠡᠮᠡᠭᠳᠡᠭᠦᠯᠬᠦ ᠄ ᠲᠤᠰ ᠡᠭᠦᠯᠳᠡᠷ ᠨᠢ ᠣᠳᠣ ᠶᠢᠨ ᠭᠤᠪᠢ ᠶᠢᠨ ᠬᠤᠨᠢᠨ ᠤ ᠥᠭᠡᠬᠦᠨ | ᠰᠡᠭᠦᠯ ᠤᠨ ᠳᠤᠲᠠᠭᠳᠠᠯ ᠢ ᠵᠠᠰᠠᠵᠤ ᠂ ᠮᠢᠬᠠᠨ ᠤ ᠴᠢᠨᠠᠷ ᠂ ᠦᠢᠯᠡᠳᠪᠦᠷᠢᠯᠡᠯ ᠢ ᠨᠡᠮᠡᠭᠳᠡᠭᠦᠯᠦᠨ᠎ᠡ ᠃ | ᠰᠢᠨ᠎ᠡ ᠵᠠᠬ᠎ᠠ ᠵᠡᠭᠡᠯᠢ ᠨᠡᠭᠡᠭᠡᠬᠦ ᠄ ᠲᠤᠰ ᠡᠭᠦᠯᠳᠡᠷ ᠨᠢ ᠥᠨᠳᠥᠷ ᠴᠢᠨᠠᠷᠲᠠᠢ ᠮᠢᠬ᠎ᠠ ᠦᠢᠯᠡᠳᠪᠦᠷᠢᠯᠡᠬᠦ ᠳᠤ | ᠴᠢᠭᠯᠡᠨ᠎ᠡ ᠃ | ᠨᠡᠷ᠎ᠡ ᠳᠡᠮᠳᠡᠭ ᠬᠠᠮᠠᠭᠠᠯᠠᠯᠲᠠ ᠶᠢ ᠰᠠᠶᠢᠵᠢᠷᠠᠭᠤᠯᠬᠤ ᠄ ᠥᠨᠥᠳᠥᠷ ᠥᠪᠥᠷ ᠮᠣᠩᠭᠤᠯ ᠤᠨ ︽ᠲᠠᠯ᠎ᠠ ᠶᠢᠨ | ᠬᠤᠨᠢ ︾ ᠤ ᠨᠡᠷ᠎ᠡ ᠳᠡᠮᠳᠡᠭ ᠳᠣᠲᠣᠭᠠᠳᠤ ᠂ ᠭᠠᠳᠠᠭᠠᠳᠤ ᠶᠢᠨ ᠵᠠᠬ᠎ᠠ ᠵᠡᠭᠡᠯᠢ ᠳᠤ ᠲᠠᠨᠢᠭᠳᠠᠭᠰᠠᠨ ᠴᠤ ᠪᠠᠷᠢᠮᠵᠢᠶ᠎ᠠ ᠳᠤ | ᠨᠡᠶᠢᠴᠡᠭᠰᠡᠨ ᠨᠢᠭᠡᠳᠦᠭᠰᠡᠨ ᠨᠡᠷ᠎ᠡ ᠳᠡᠮᠳᠡᠭ ᠪᠠᠶᠢᠬᠤ ᠦᠭᠡᠢ ᠂ ᠡᠭᠦᠨ ᠤ ᠤᠯᠠᠮ ᠠᠴᠠ ᠬᠠᠭᠤᠷᠮᠠᠴᠢ ᠪᠦᠲᠦᠭᠡᠭᠳᠡᠬᠦᠨ ᠂ | ᠴᠢᠨᠠᠷ ᠤᠨ ᠵᠥᠷᠢᠴᠡᠯ ᠶᠡᠭᠡ ᠪᠠᠶᠢᠨ᠎ᠠ ᠃ | ᠳᠠᠷᠬᠠᠨ ᠮᠤᠤᠮᠢᠩᠭᠠᠨ ᠬᠤᠰᠢᠭᠤ ᠳᠠᠬᠢ ᠰᠤᠳᠤᠯᠭ᠎ᠠ ᠂ ᠦᠢᠯᠡᠳᠪᠦᠷᠢᠯᠡᠯ ᠤᠨ ᠠᠵᠢᠯ | ᠣᠳᠣ ᠪᠠᠷ ᠤᠭ ᠲᠥᠰᠥᠯ ᠢ ᠬᠠᠷᠢᠭᠤᠴᠠᠨ ᠠᠵᠢᠯᠯᠠᠵᠤ ᠪᠤᠢ ᠥᠪᠥᠷ ᠮᠣᠩᠭᠤᠯ ᠤᠨ ᠮᠧᠩ ᠶᠤᠸᠠᠨ | ᠮᠢᠬᠠᠨ ᠤ ᠬᠤᠨᠢ ᠦᠷᠡᠵᠢᠭᠦᠯᠭᠡ ᠶᠢᠨ ᠪᠥᠯᠥᠭᠯᠡᠯ ᠨᠢ ᠳᠠᠷᠠᠭᠠᠬᠢ ᠠᠵᠢᠯ ᠤᠳ ᠢ ᠡᠬᠢᠯᠡᠭᠦᠯᠦᠭᠰᠡᠨ ᠄ | 10 ᠦᠨᠳᠦᠰᠦᠨ ᠦᠷᠡᠵᠢᠯ ᠤᠨ ᠪᠦᠯᠦᠭ ᠪᠠᠶᠢᠭᠤᠯᠬᠤ ᠄ ᠨᠡᠶᠢᠲᠡ 4000 ᠭᠤᠪᠢ ᠶᠢᠨ ᠬᠤᠨᠢ ᠶᠢ | ᠰᠤᠳᠤᠯᠭᠠᠨ ᠳᠤ ᠬᠠᠮᠤᠷᠤᠭᠤᠯᠤᠭᠰᠠᠨ ᠃ | 3 ᠰᠤᠮᠤ ᠶᠢᠨ ᠬᠡᠮᠵᠢᠶᠡᠨ ᠳᠤ ᠦᠷᠡᠵᠢᠯ ᠤᠨ ᠲᠠᠯᠠᠪᠠᠢ ᠪᠠᠶᠢᠭᠤᠯᠤᠭᠰᠠᠨ᠃ |