| ᠡᠬᠢ ᠰᠤᠷᠪᠤᠯᠵᠢ ᠄ ᠳᠤᠮᠳᠠᠳᠤ ᠤᠯᠤᠰ ᠤᠨ ᠮᠠᠯ ᠡᠮᠨᠡᠯᠭᠡ ᠶᠢᠨ ᠰᠣᠨᠢᠨ | ᠰᠢᠨ᠎ᠡ ᠲᠥᠯ ᠤᠳ ᠢ ᠠᠷᠠᠴᠢᠯᠠᠬᠤ ᠠᠴᠢ ᠬᠤᠯᠪᠣᠭᠳᠠᠯ | ᠡᠪᠦᠯ ᠤᠨ ᠢᠰᠢᠭᠡ ᠲᠣᠮᠣ ᠪᠡᠶ᠎ᠡ ᠲᠠᠢ ᠂ ᠡᠪᠡᠳᠴᠢᠨ ᠳᠤ ᠲᠡᠰᠪᠦᠷᠢᠲᠡᠢ ᠂ ᠠᠮᠢᠳᠤᠷᠠᠬᠤ ᠴᠢᠳᠠᠪᠤᠷᠢ | ᠥᠨᠳᠥᠷ ᠲᠠᠢ ᠪᠠᠶᠢᠳᠠᠭ ᠃ ᠭᠡᠪᠡᠴᠦ ᠠᠩᠬ᠎ᠠ ᠲᠥᠷᠥᠭᠰᠡᠨ ᠲᠥᠯ ᠤᠳ ᠤᠨ ᠨᠠᠰᠤ ᠪᠠᠷᠠᠯᠲᠠ ᠥᠨᠳᠥᠷ ᠪᠠᠶᠢᠳᠠᠭ | ᠲᠤᠯᠠ ᠵᠣᠬᠢᠬᠤ ᠠᠷᠠᠴᠢᠯᠠᠭ᠎ᠠ ᠱᠠᠭᠠᠷᠳᠠᠯᠭ᠎ᠠ ᠲᠠᠢ ᠃ | ᠤᠭᠤᠷᠠᠭ ︵ᠡᠬᠡ ᠶᠢᠨ ᠰᠦ ︶ ᠄ | ᠲᠥᠯᠯᠡᠭᠰᠡᠨ ᠤ ᠳᠠᠷᠠᠭ᠎ᠠ ᠡᠬᠢᠨ ᠤ 1 ᠴᠠᠭ ᠲᠤ ᠤᠭᠤᠷᠠᠭ ᠢ ᠠᠮᠰᠠᠭᠤᠯᠵᠤ ᠂ ᠲᠥᠯ ᠪᠦᠷᠢ ᠳᠤ 2-3 ᠴᠠᠭ | ᠲᠤᠲᠤᠮ ᠳᠤ ᠰᠦ ᠤᠤᠭᠤᠯᠭᠠᠬᠤ ᠶᠣᠰᠣᠲᠠᠢ ᠃ | ᠬᠥᠮᠥᠨ ᠤ ᠭᠠᠷ ᠢᠶᠠᠷ ᠰᠦ ᠲᠡᠵᠢᠭᠡᠬᠦ ᠄ | ᠰᠢᠨ᠎ᠡ ᠂ ᠠᠷᠢᠭᠤᠳᠬᠠᠭᠰᠠᠨ ᠰᠦ ᠂ ᠰᠦ ᠣᠷᠣᠯᠠᠭᠤᠯᠤᠭᠴᠢ ᠶᠢ ᠲᠣᠭᠲᠠᠮᠠᠯ ᠠᠭᠠᠷ ᠤᠨ ᠳᠤᠯᠠᠭᠠᠨ ᠲᠤ | ᠥᠭᠬᠦ ᠬᠡᠷᠡᠭᠲᠡᠢ ᠃ 4 ᠳᠣᠯᠤᠭ᠎ᠠ ᠬᠤᠨᠤᠭ ᠬᠦᠷᠲᠡᠯ᠎ᠡ ᠡᠳᠦᠷ ᠲᠤ 6-8 ᠤᠳᠠᠭ᠎ᠠ 50 ᠮᠢᠯᠯᠢᠯᠢᠲᠷ ᠂ 5-7 | ᠳᠣᠯᠤᠭ᠎ᠠ ᠬᠤᠨᠤᠭ ᠲᠤ 4-5 ᠤᠳᠠᠭ᠎ᠠ 100 ᠮᠢᠯᠯᠢᠯᠢᠲᠷ ᠂ 9 ᠳᠣᠯᠤᠭ᠎ᠠ ᠬᠤᠨᠤᠭ ᠠᠴᠠ ᠬᠤᠶᠢᠰᠢ ᠡᠳᠦᠷ ᠲᠤ | 2-3 ᠤᠳᠠᠭ᠎ᠠ 150 ᠮᠢᠯᠯᠢᠯᠢᠲᠷ ᠤᠤᠭᠤᠯᠭᠠᠨ᠎ᠠ ᠃ | ᠨᠣᠣᠰᠣ ᠪᠠᠷ ᠪᠥᠭᠯᠡᠷᠡᠬᠦ ᠠᠴᠠ ᠰᠡᠷᠭᠡᠶᠢᠯᠡᠬᠦ ᠄ | ᠲᠥᠯ ᠤᠳ ᠤᠨ ᠬᠤᠳᠣᠭᠤᠳᠤᠨ ᠳᠤ ᠨᠣᠣᠰᠣ ᠣᠷᠣᠵᠤ ᠂ ᠪᠥᠭᠯᠡᠷᠡᠬᠦ ᠡᠷᠡᠰᠳᠡᠯ ᠲᠠᠢ ᠤᠴᠢᠷ ᠡᠬᠡ ᠶᠢᠨ | ᠬᠥᠬᠦᠨ ᠤ ᠡᠷᠭᠢᠨ ᠲᠣᠭᠤᠷᠢᠨ ᠳᠠᠬᠢ ᠨᠣᠣᠰᠣ ᠶᠢ ᠬᠢᠷᠭᠠᠬᠤ ᠱᠠᠭᠠᠷᠳᠠᠯᠭ᠎ᠠ ᠲᠠᠢ ᠃ | ᠡᠪᠦᠯ ᠤᠨ ᠳᠤᠯᠠᠭᠠᠯᠭ᠎ᠠ ᠶᠢ ᠰᠠᠶᠢᠵᠢᠷᠠᠭᠤᠯᠬᠤ ᠄ | ᠲᠥᠯ ᠤᠳ ᠤᠨ ᠪᠡᠶ᠎ᠡ ᠳᠤ ᠠᠭᠠᠷ ᠤᠨ ᠳᠤᠯᠠᠭᠠᠨ ᠲᠣᠬᠢᠷᠠᠭᠤᠯᠬᠤ ᠴᠢᠳᠠᠪᠤᠷᠢ ᠰᠤᠯᠠ ᠪᠠᠶᠢᠳᠠᠭ ᠲᠤᠯᠠ | ᠳᠤᠯᠠᠭᠠᠨ ᠪᠠᠶᠢᠯᠭᠠᠬᠤ ᠨᠥᠬᠦᠴᠡᠯ ᠢ ᠪᠦᠷᠢᠳᠦᠭᠦᠯᠦᠨ᠎ᠡ ᠃ ᠮᠦᠨ ᠲᠥᠯ ᠤᠳ ᠢ ᠳᠠᠷᠤᠵᠤ ᠭᠡᠮᠲᠦᠬᠦ ᠠᠴᠠ | ᠰᠡᠷᠭᠡᠶᠢᠯᠡᠵᠦ ᠲᠤᠰᠬᠠᠢ ᠬᠠᠰᠢᠶᠠᠨ ᠳᠤ ᠪᠠᠶᠢᠯᠭᠠᠨ᠎ᠠ ᠃ | ᠡᠳᠡᠭᠡᠷ ᠠᠷᠭ᠎ᠠ ᠬᠡᠮᠵᠢᠶ᠎ᠡ ᠶᠢ ᠠᠪᠴᠤ ᠬᠡᠷᠡᠭᠵᠢᠭᠦᠯᠦᠭᠰᠡᠨ ᠢᠶᠠᠷ ᠡᠪᠦᠯ ᠤᠨ ᠤᠯᠠᠷᠢᠯ ᠳᠤ ᠲᠥᠯᠯᠡᠯᠲᠡ ᠶᠢᠨ | ᠦᠷ᠎ᠡ ᠠᠰᠢᠭ ᠢ ᠨᠡᠮᠡᠭᠳᠡᠭᠦᠯᠬᠦ ᠪᠣᠯᠣᠮᠵᠢ ᠲᠠᠢ ᠃ | | ᠡᠪᠦᠯ ᠤᠨ ᠢᠰᠢᠭᠡ | 1. ᠤᠭᠤᠷᠠᠭ ︵ᠡᠬᠡ ᠶᠢᠨ ᠰᠦ ︶ ᠄ | ᠢᠰᠢᠭᠡ ᠲᠥᠷᠥᠭᠰᠡᠨ ᠠᠴᠠ ᠬᠤᠶᠢᠰᠢ 1-5 ᠬᠤᠨᠤᠭ ᠤᠨ ᠲᠤᠷᠰᠢ ᠤᠭᠤᠷᠠᠭ ᠨᠢ ᠢᠰᠢᠭᠡᠨ ᠤ ᠴᠣᠷ ᠤᠨ | ᠭᠠᠭᠴᠠ ᠰᠢᠮ᠎ᠡ ᠲᠡᠵᠢᠭᠡᠯ ᠪᠣᠯᠵᠤ ᠥᠭᠳᠡᠭ ᠃ ᠤᠭᠤᠷᠠᠭ ᠨᠢ ᠶᠡᠷᠦᠳᠡ ᠶᠢᠨ ᠰᠦᠨ ᠠᠴᠠ ᠰᠢᠮ᠎ᠡ ᠲᠡᠵᠢᠭᠡᠯ ᠂ | ᠳᠠᠷᠬᠠᠯᠠᠭ᠎ᠠ ᠳᠡᠮᠵᠢᠬᠦ ᠪᠣᠳᠠᠰ ᠶᠡᠭᠡ ᠪᠠᠷ ᠠᠭᠤᠯᠳᠠᠭ ᠲᠤᠯᠠ ᠢᠰᠢᠭᠡᠨ ᠤ ᠢᠷᠡᠭᠡᠳᠦᠢ ᠶᠢᠨ ᠡᠷᠡᠭᠦᠯ ᠮᠡᠨᠳᠦ ᠳᠤ | ᠣᠨᠴᠠᠭᠠᠢ ᠠᠴᠢ ᠬᠤᠯᠪᠣᠭᠳᠠᠯ ᠲᠠᠢ ᠃ ᠢᠰᠢᠭᠡ ᠲᠥᠷᠥᠭᠰᠡᠨ ᠠᠴᠠ ᠬᠤᠶᠢᠰᠢ 1 ᠴᠠᠭ ᠤᠨ ᠳᠣᠲᠣᠷ᠎ᠠ ᠡᠬᠡ ᠶᠢᠨ | ᠰᠦ ᠶᠢ ᠠᠮᠲᠠᠯᠠᠬᠤ ᠱᠠᠭᠠᠷᠳᠠᠯᠭ᠎ᠠ ᠲᠠᠢ ᠃ ᠲᠥᠷᠥᠭᠰᠡᠨ ᠢᠰᠢᠭᠡ ᠶᠢ 2-3 ᠴᠠᠭ ᠲᠤᠲᠤᠮ ᠳᠤ ᠬᠥᠬᠦᠭᠦᠯᠬᠦ ᠪᠥᠭᠡᠳ | ᠢᠬᠡᠷ᠎ᠡ ᠢᠰᠢᠭᠡ ᠲᠥᠷᠥᠭᠰᠡᠨ ᠲᠣᠬᠢᠶᠠᠯᠳᠤᠯ ᠳᠤ ᠬᠤᠶᠠᠭᠤᠯᠠᠨ ᠢ ᠨᠢ ᠵᠡᠷᠭᠡ ᠬᠥᠬᠦᠭᠦᠯᠬᠦ ᠬᠡᠷᠡᠭᠲᠡᠢ ᠃ | 2. ᠤᠭᠵᠢᠬᠤ ᠄ | ᠤᠭᠵᠢᠬᠤ ᠦᠶ᠎ᠡ ᠳᠤ ᠰᠢᠨᠡᠬᠡᠨ ᠰᠦ ᠶᠢ ᠠᠷᠢᠭᠤᠨ ᠴᠡᠪᠡᠷ ᠰᠠᠬᠢᠵᠤ ᠂ ᠠᠷᠢᠭᠤᠳᠬᠠᠨ ᠥᠭᠭᠦᠨ᠎ᠡ ᠃ ᠰᠢᠨᠡᠬᠡᠨ | ᠰᠦ ᠂ ᠬᠠᠭᠤᠷᠠᠢ ᠰᠦ ᠂ ᠣᠷᠣᠯᠠᠭᠤᠯᠤᠭᠴᠢ ᠰᠦ ᠪᠣᠯᠣᠨ ᠲᠡᠵᠢᠭᠡᠬᠦ ᠬᠡᠷᠡᠭᠰᠡᠯ ᠢ ᠲᠣᠭᠲᠠᠮᠠᠯ ᠠᠷᠢᠭᠤᠳᠬᠠᠵᠤ ᠂ ᠵᠥᠪ | ᠠᠭᠠᠷ ᠤᠨ ᠳᠤᠯᠠᠭᠠᠨ ᠢ ᠬᠠᠳᠠᠭᠠᠯᠠᠨ ᠬᠡᠷᠡᠭᠯᠡᠨ᠎ᠡ ᠃ | 4 ᠳᠣᠯᠤᠭ᠎ᠠ ᠬᠤᠨᠤᠭ ᠬᠦᠷᠲᠡᠯᠡᠬᠢ ᠢᠰᠢᠭᠡ ᠄ ᠡᠳᠦᠷ ᠲᠤ 6-8 ᠤᠳᠠᠭ᠎ᠠ ᠂ ᠲᠤᠰ ᠪᠦᠷᠢ 50 | ᠮᠢᠯᠯᠢᠯᠢᠲᠷ ᠃ | 5-7 ᠳᠣᠯᠤᠭ᠎ᠠ ᠬᠤᠨᠤᠭ ᠤᠨ ᠢᠰᠢᠭᠡ ᠄ ᠡᠳᠦᠷ ᠲᠤ 4-5 ᠤᠳᠠᠭ᠎ᠠ ᠂ ᠲᠤᠰ ᠪᠦᠷᠢ 100 ᠮᠢᠯᠯᠢᠯᠢᠲᠷ ᠃ | | 9 ᠳᠣᠯᠤᠭ᠎ᠠ ᠬᠤᠨᠤᠭ ᠤᠨ ᠳᠠᠷᠠᠭ᠎ᠠ ᠄ ᠡᠳᠦᠷ ᠲᠤ 2-3 ᠤᠳᠠᠭ᠎ᠠ ᠂ ᠲᠤᠰ ᠪᠦᠷᠢ 150 ᠮᠢᠯᠯᠢᠯᠢᠲᠷ ᠃ | ᠲᠠᠪᠤᠨ ᠳᠣᠯᠤᠭ᠎ᠠ ᠬᠤᠨᠤᠭ ᠤᠨ ᠳᠠᠷᠠᠭ᠎ᠠ ᠢᠰᠢᠭᠡ ᠶᠢ ᠡᠪᠡᠰᠦ ᠪᠠᠷ ᠲᠡᠵᠢᠭᠡᠵᠦ ᠡᠬᠢᠯᠡᠭᠰᠡᠨ ᠢᠶᠠᠷ ᠨᠡᠮᠡᠯᠲᠡ | ᠰᠦ ᠶᠢ ᠵᠣᠭᠰᠣᠭᠠᠵᠤ ᠪᠣᠯᠣᠨ᠎ᠠ ᠃ ᠬᠠᠷᠢᠨ ᠬᠡᠪᠡᠷᠡᠭ ᠢᠰᠢᠭᠡ ᠶᠢ ᠨᠡᠮᠡᠯᠲᠡ ᠰᠦ ᠪᠠᠷ ᠤᠷᠲᠤ ᠬᠤᠭᠤᠴᠠᠭᠠᠨ ᠳᠤ | ᠲᠡᠵᠢᠭᠡᠬᠦ ᠱᠠᠭᠠᠷᠳᠠᠯᠭ᠎ᠠ ᠲᠠᠢ ᠪᠠᠶᠢᠵᠤ ᠮᠠᠭᠠᠳ ᠦᠭᠡᠢ ᠃ | 3. ᠨᠣᠣᠰᠣ ᠪᠠᠷ ᠪᠥᠭᠯᠡᠷᠡᠬᠦ ᠠᠴᠠ ᠤᠷᠢᠳᠴᠢᠯᠠᠨ ᠰᠡᠷᠭᠡᠶᠢᠯᠡᠬᠦ ᠄ | ᠰᠢᠨ᠎ᠡ ᠲᠥᠷᠥᠭᠰᠡᠨ ᠢᠰᠢᠭᠡ ᠨᠣᠣᠰᠣ ᠢᠳᠡᠵᠦ ᠂ ᠬᠤᠳᠣᠭᠤᠳᠤ ᠳᠤ ᠪᠠᠨ ᠪᠥᠭᠡᠮᠨᠡᠷᠡᠯ ᠡᠭᠦᠰᠬᠡᠵᠦ ᠪᠣᠯᠵᠣᠰᠢ | ᠦᠭᠡᠢ ᠃ ᠡᠶᠢᠮᠦ ᠠᠴᠠ ᠡᠬᠡ ᠶᠢᠨ ᠬᠥᠬᠦᠨ ᠤ ᠡᠷᠭᠢᠨ ᠲᠣᠭᠤᠷᠢᠨ ᠳᠠᠬᠢ ᠨᠣᠣᠰᠣ ᠶᠢ ᠬᠢᠷᠭᠠᠵᠤ ᠂ ᠮᠠᠯ ᠤᠨ | ᠬᠠᠰᠢᠶᠠᠨ ᠳᠤ ᠤᠨᠠᠭᠰᠠᠨ ᠨᠣᠣᠰᠣ ᠶᠢ ᠴᠡᠪᠡᠷᠯᠡᠨ᠎ᠡ ᠃ | 4. ᠲᠡᠵᠢᠭᠡᠯ ᠤᠨ ᠰᠤᠷᠭᠠᠯᠲᠠ ᠄ | 10 ᠬᠤᠨᠤᠭ ᠲᠠᠢ ᠢᠰᠢᠭᠡ ᠶᠢ ᠡᠪᠡᠰᠦ ᠢᠳᠡᠬᠦ ᠳᠤ ᠰᠤᠷᠭᠠᠵᠤ ᠡᠬᠢᠯᠡᠨ᠎ᠡ ᠃ ᠡᠨᠡ ᠨᠢ ᠬᠤᠳᠣᠭᠤᠳᠣ ᠂ | ᠭᠡᠳᠡᠰᠦᠨ ᠤ ᠦᠢᠯᠡ ᠠᠵᠢᠯᠯᠠᠭ᠎ᠠ ᠶᠢ ᠳᠡᠮᠵᠢᠵᠦ ᠂ ᠵᠢᠷᠦᠬᠡ ᠂ ᠠᠭᠤᠰᠬᠢᠨ ᠤ ᠦᠢᠯᠡ ᠠᠵᠢᠯᠯᠠᠭ᠎ᠠ ᠶᠢ | ᠰᠠᠶᠢᠵᠢᠷᠠᠭᠤᠯᠬᠤ ᠳᠤ ᠲᠤᠰᠠᠲᠠᠢ ᠃ | 20 ᠬᠤᠨᠤᠭ ᠲᠠᠢ ᠢᠰᠢᠭᠡ ᠄ ᠡᠬᠡ ᠶᠢᠨ ᠬᠠᠮᠲᠤ ᠪᠡᠯᠴᠢᠭᠡᠷ ᠲᠤ ᠭᠠᠷᠴᠤ ᠪᠣᠯᠣᠨ᠎ᠠ ᠃ | 1 ᠰᠠᠷ᠎ᠠ ᠠᠴᠠ ᠬᠤᠶᠢᠰᠢ ᠄ ᠢᠰᠢᠭᠡ ᠪᠡᠶ᠎ᠡ ᠳᠠᠭᠠᠭᠠᠨ ᠡᠪᠡᠰᠦ ᠲᠡᠵᠢᠭᠡᠯ ᠢ ᠲᠦᠯᠬᠢᠭᠦᠦ ᠢᠳᠡᠵᠦ ᠡᠬᠢᠯᠡᠨ᠎ᠡ ᠃ | ᠡᠪᠡᠰᠦ ᠂ ᠡᠷᠳᠡᠨᠢ ᠰᠢᠰᠢ ᠂ ᠦᠷ᠎ᠡ ᠲᠠᠷᠢᠶᠠᠨ ᠤ ᠬᠡᠪᠢᠭ ᠵᠡᠷᠭᠡ ᠶᠢ ᠬᠤᠯᠢᠵᠤ ᠥᠭᠬᠦ ᠨᠢ ᠲᠣᠬᠢᠷᠠᠮᠵᠢᠲᠠᠢ ᠃ | 5. ᠳᠤᠯᠠᠭᠠᠯᠭ᠎ᠠ ᠂ ᠬᠠᠮᠠᠭᠠᠯᠠᠯᠲᠠ ᠄ | ᠰᠢᠨ᠎ᠡ ᠲᠥᠷᠥᠭᠰᠡᠨ ᠢᠰᠢᠭᠡᠨ ᠤ ᠳᠤᠯᠠᠭᠠᠨ ᠲᠣᠬᠢᠷᠠᠭᠤᠯᠭ᠎ᠠ ᠶᠢᠨ ᠴᠢᠳᠠᠪᠤᠷᠢ ᠰᠤᠯᠠ ᠲᠤᠯᠠ ᠬᠦᠢᠲᠡᠨ ᠳᠤ | ᠬᠥᠯᠳᠡᠵᠦ ᠂ ᠠᠭᠤᠰᠬᠢᠨ ᠤ ᠦᠷᠪᠢᠰᠦᠯ ᠳᠤ ᠥᠷᠲᠥᠬᠦ ᠡᠷᠡᠰᠳᠡᠯ ᠲᠠᠢ ᠃ ᠮᠦᠨ ᠣᠯᠠᠨ ᠢᠰᠢᠭᠡ ᠪᠦᠬᠦᠢ | ᠬᠠᠰᠢᠶᠠᠨ ᠳᠤ ᠳᠠᠷᠤᠵᠤ ᠭᠡᠮᠲᠦᠬᠦ ᠠᠶᠤᠯᠲᠠᠢ ᠃ ᠡᠶᠢᠮᠦ ᠠᠴᠠ ᠲᠤᠰᠬᠠᠢ ᠳᠤᠯᠠᠭᠠᠨ ᠣᠷᠴᠢᠨ ᠂ ᠠᠶᠤᠯ ᠦᠭᠡᠢ | ᠬᠠᠰᠢᠶ᠎ᠠ ᠵᠣᠬᠢᠶᠠᠨ ᠪᠠᠶᠢᠭᠤᠯᠤᠨ᠎ᠠ ᠃ | ᠡᠳᠡᠭᠡᠷ ᠠᠷᠭ᠎ᠠ ᠬᠡᠮᠵᠢᠶ᠎ᠡ ᠶᠢ ᠠᠪᠴᠤ ᠬᠡᠷᠡᠭᠵᠢᠭᠦᠯᠦᠭᠰᠡᠨ ᠢᠶᠠᠷ ᠡᠪᠦᠯ ᠤᠨ ᠤᠯᠠᠷᠢᠯ ᠳᠤ ᠢᠰᠢᠭᠡᠨ ᠤ | ᠠᠮᠢᠳᠤᠷᠠᠬᠤ ᠴᠢᠳᠠᠪᠤᠷᠢ ᠶᠢ ᠨᠡᠮᠡᠭᠳᠡᠭᠦᠯᠵᠦ ᠂ ᠦᠷ᠎ᠡ ᠠᠰᠢᠭ ᠢ ᠳᠡᠭᠡᠭᠰᠢᠯᠡᠭᠦᠯᠬᠦ ᠪᠣᠯᠣᠮᠵᠢ ᠲᠠᠢ ᠃ | |