| ᠡᠬᠢ ᠰᠤᠷᠪᠤᠯᠵᠢ ᠄ ᠪᠠᠢ ᠳ᠋ᠦ᠋ ᠲᠣᠯᠢ ᠪᠢᠴᠢᠭ | | ᠢᠮᠠᠭᠠᠨ ᠤ ᠰᠦᠨ ᠤ ᠣᠨᠴᠠᠯᠢᠭ ᠰᠢᠨᠵᠢ ᠴᠢᠨᠠᠷ | 1. ᠥᠭᠡᠬᠦᠨ ᠤ ᠬᠦᠴᠢᠯ ᠥᠨᠳᠥᠷ ᠠᠭᠤᠯᠤᠮᠵᠢ ᠲᠠᠢ | ᠢᠮᠠᠭᠠᠨ ᠤ ᠰᠦ ᠨᠢ ᠬᠦᠴᠢᠯ ᠢ ᠥᠨᠳᠥᠷ ᠬᠡᠮᠵᠢᠶ᠎ᠡ ᠪᠠᠷ ᠠᠭᠤᠯᠳᠠᠭ ᠃ ᠡᠨᠡ ᠨᠢ ᠦᠨᠢᠶᠡᠨ ᠤ | ᠰᠦᠨ ᠤ ᠠᠴᠠ ᠬᠤᠶᠠᠷ ᠳᠠᠬᠢᠨ ᠶᠡᠭᠡ ᠪᠥᠭᠡᠳ ᠬᠥᠮᠥᠨ ᠤ ᠪᠡᠶ᠎ᠡ ᠳᠤ ᠠᠮᠠᠷᠬᠠᠨ ᠰᠢᠩᠭᠡᠵᠦ ᠂ ᠬᠤᠳᠣᠭᠤᠳᠣ | ᠭᠡᠳᠡᠰᠦᠨ ᠳᠤ ᠠᠴᠢᠶᠠᠯᠠᠯ ᠪᠠᠭ᠎ᠠ ᠲᠠᠢ ᠪᠠᠶᠢᠳᠠᠭ ᠃ | 2. ᠥᠭᠡᠬᠦᠨ ᠤ ᠪᠥᠭᠡᠮ ᠤᠨ ᠳ᠋ᠢᠶᠠᠮᠧᠲᠷ ᠪᠠᠭ᠎ᠠ | ᠢᠮᠠᠭᠠᠨ ᠤ ᠰᠦᠨ ᠤ ᠥᠭᠡᠬᠦᠨ ᠤ ᠪᠥᠭᠡᠮ ᠨᠢ ᠵᠢᠵᠢᠭ ᠳ᠋ᠢᠶᠠᠮᠧᠲᠷ ᠲᠠᠢ ︵ 2-2.5 ᠮᠢᠺᠷᠣᠨ ︶ ᠂ ᠡᠨᠡ ᠨᠢ | ᠦᠨᠢᠶᠡᠨ ᠤ ᠰᠦᠨ ᠤ ᠥᠭᠡᠬᠦᠨ ᠤ ᠪᠥᠭᠡᠮ ᠠᠴᠠ ︵ 3-4.25 ᠮᠢᠺᠷᠣᠨ ︶ ᠪᠠᠭ᠎ᠠ ᠶᠤᠮ ᠃ ᠥᠭᠡᠬᠦᠨ ᠤ | ᠪᠥᠭᠡᠮ ᠤᠨ ᠪᠠᠭ᠎ᠠ ᠬᠡᠮᠵᠢᠶ᠎ᠡ ᠨᠢ ᠬᠤᠳᠣᠭᠤᠳᠤᠨ ᠤ ᠹᠧᠷᠮᠨᠲ ᠳᠤ ᠠᠮᠠᠷᠬᠠᠨ ᠥᠷᠢᠲᠦᠵᠦ ᠂ ᠬᠤᠷᠳᠤᠨ ᠰᠢᠩᠭᠡᠳᠡᠭ | ᠳᠠᠪᠠᠭᠤ ᠲᠠᠯ᠎ᠠ ᠲᠠᠢ ᠃ | 3. ᠢᠮᠠᠭᠠᠨ ᠰᠦᠨ ᠤ ᠪᠦᠷᠢᠯᠳᠦᠭᠦᠯᠦᠭᠰᠡᠨ ᠡᠭᠡᠳᠡᠭᠰᠡᠨ ᠰᠦ᠂ ᠠᠮᠠᠷᠬᠠᠨ ᠬᠡᠮᠬᠡᠷᠬᠡᠢ ᠤᠭᠤᠷᠠᠭ ᠨᠢ | ᠬᠥᠮᠦᠨ ᠤ ᠪᠡᠶ᠎ᠡ ᠳᠣᠲᠣᠷᠠᠬᠢ ᠰᠢᠩᠭᠡᠭᠡᠬᠦ ᠶᠠᠪᠤᠴᠠ ᠪᠣᠯ ᠤᠷᠢᠳ ᠢᠶᠠᠷ ᠬᠤᠳᠣᠭᠤᠳᠣᠨ ᠬᠦᠴᠢᠯ ᠤᠨ ᠦᠢᠯᠡᠳᠦᠯ | ᠳᠣᠣᠷ᠎ᠠ ᠡᠭᠡᠳᠡᠭᠰᠡᠨ ᠰᠦ ᠪᠣᠯᠵᠤ᠂ ᠳᠠᠷᠠᠭ᠎ᠠ ᠨᠢ ᠵᠠᠳᠠᠷᠠᠭᠠᠳ ᠠᠮᠢᠨᠣ᠋ ᠬᠦᠴᠢᠯ ᠪᠣᠯᠤᠨ ᠠᠭᠤᠰᠴᠤ᠂ ᠳᠠᠷᠠᠭ᠎ᠠ ᠨᠢ | ᠨᠠᠷᠢᠨ ᠭᠡᠳᠡᠰᠦᠨ ᠳᠤ ᠰᠢᠩᠭᠡᠭᠡᠭᠳᠡᠨ᠎ᠡ᠃ ᠡᠭᠡᠳᠡᠭᠰᠡᠨ ᠰᠦᠨ ᠤ ᠬᠡᠰᠡᠭ ᠤᠨ ᠵᠥᠭᠡᠯᠡᠨ ᠬᠠᠲᠠᠭᠤᠴᠠ ᠨᠢ | ᠤᠭᠤᠷᠠᠭ ᠤᠨ ᠰᠢᠩᠭᠡᠭᠡᠭᠳᠡᠬᠦ ᠬᠤᠷᠳᠤᠴᠠ ᠪᠠ ᠠᠰᠢᠭᠯᠠᠮᠵᠢ ᠶᠢ ᠰᠢᠭᠤᠳ ᠨᠥᠯᠥᠭᠡᠯᠡᠳᠡᠭ᠃ | 4. ᠺᠠᠯᠼ ᠂ ᠲᠡᠮᠦᠷ ᠤᠨ ᠰᠢᠩᠭᠡᠴᠡ ᠶᠢ ᠰᠠᠶᠢᠵᠢᠷᠠᠭᠤᠯᠤᠨ᠎ᠠ | ᠢᠮᠠᠭᠠᠨ ᠤ ᠰᠦ ᠨᠢ ᠺᠠᠯᠼ ᠂ ᠲᠡᠮᠦᠷ ᠤᠨ ᠰᠢᠩᠭᠡᠴᠡ ᠶᠢ ᠨᠡᠮᠡᠭᠳᠡᠭᠦᠯᠳᠡᠭ ᠃ ᠰᠤᠳᠤᠯᠭ᠎ᠠ ᠪᠠᠷ ᠢᠮᠠᠭᠠᠨ ᠤ | ᠰᠦ ᠬᠡᠷᠡᠭᠯᠡᠭᠰᠡᠨ ᠠᠮᠢᠲᠠᠳ ᠶᠠᠰᠤᠨ ᠤ ᠺᠠᠯᠼ ᠤᠨ ᠠᠭᠤᠯᠤᠮᠵᠢ ᠂ ᠡᠯᠢᠭᠡᠨ ᠤ ᠲᠡᠮᠦᠷ ᠤᠨ ᠠᠭᠤᠯᠤᠮᠵᠢ ᠪᠠᠷ ᠢᠶᠠᠨ | ᠦᠨᠢᠶᠡᠨ ᠤ ᠰᠦ ᠬᠡᠷᠡᠭᠯᠡᠭᠰᠡᠨ ᠠᠮᠢᠲᠠᠨ ᠠᠴᠠ ᠢᠯᠡᠭᠦᠦ ᠪᠠᠶᠢᠵᠠᠢ ᠃ | 5. ᠭᠠᠳᠠᠭᠠᠳᠤ ᠬᠡᠷᠡᠭᠯᠡᠭᠡᠨ ᠳᠤ ᠲᠣᠬᠢᠷᠠᠮᠵᠢᠲᠠᠢ | ᠢᠮᠠᠭᠠᠨ ᠤ ᠰᠦ ᠨᠢ ᠬᠥᠮᠥᠨ ᠤ ᠠᠷᠠᠰᠤᠨ ᠤ pH ᠤᠳᠬ᠎ᠠ ᠲᠠᠢ ᠣᠶᠢᠷᠠᠯᠴᠠᠭ᠎ᠠ ᠪᠠᠶᠢᠳᠠᠭ ᠲᠤᠯᠠ | ᠠᠷᠠᠰᠤ ᠶᠢ ᠵᠥᠭᠡᠯᠡᠨ ᠠᠷᠠᠴᠢᠯᠠᠵᠤ ᠂ ᠠᠮᠠᠷᠬᠠᠨ ᠰᠢᠩᠭᠡᠳᠡᠭ ᠃ ᠠᠷᠠᠰᠤᠨ ᠤ ᠡᠰ ᠢ ᠨᠥᠬᠦᠨ ᠰᠡᠷᠭᠦᠭᠡᠵᠦ ᠂ | ᠬᠥᠭᠰᠢᠷᠡᠯᠲᠡ ᠶᠢ ᠤᠳᠠᠭᠠᠰᠢᠷᠠᠭᠤᠯᠤᠨ᠎ᠠ ᠃ | 6. ᠬᠠᠷᠰᠢᠯ ᠲᠠᠢ ᠠᠷᠠᠰᠤᠨ ᠳᠤ ᠲᠤᠰᠠᠲᠠᠢ | ᠢᠮᠠᠭᠠᠨ ᠤ ᠰᠦ ᠨᠢ ᠬᠠᠷᠰᠢᠯ ᠤᠨ ᠤᠯᠠᠮ ᠠᠴᠠ ᠭᠡᠮᠲᠦᠭᠰᠡᠨ ᠠᠷᠠᠰᠤᠨ ᠤ ᠡᠰ ᠢ ᠨᠥᠬᠦᠨ ᠰᠡᠷᠭᠦᠭᠡᠬᠦ ᠳᠤ | ᠲᠤᠰᠠᠯᠠᠳᠠᠭ ᠃ ᠠᠷᠠᠰᠤᠨ ᠤ ᠡᠳ᠋ ᠡᠰ ᠢ ᠰᠡᠷᠭᠦᠭᠡᠬᠦ ᠤᠭᠤᠷᠠᠭ ᠂ ᠥᠭᠡᠬᠦᠨ ᠤ ᠬᠦᠴᠢᠯ ᠂ ᠪᠢᠴᠢᠯ ᠡᠯᠧᠮᠧᠨ᠋ᠲ ᠤᠳ ᠢ | ᠠᠭᠤᠯᠳᠠᠭ ᠲᠤᠯᠠ ᠬᠠᠷᠰᠢᠯ ᠤᠨ ᠤᠯᠠᠮ ᠠᠴᠠ ᠡᠭᠦᠰᠬᠦ ᠠᠰᠠᠭᠤᠳᠠᠯ ᠢ ᠪᠠᠭᠠᠰᠬᠠᠵᠤ ᠂ ᠠᠷᠠᠰᠤ ᠶᠢ ᠬᠠᠮᠠᠭᠠᠯᠠᠳᠠᠭ ᠃ | ᠳ᠋ᠦᠩᠨᠡᠯᠲᠡ ᠄ | ᠢᠮᠠᠭᠠᠨ ᠤ ᠰᠦ ᠨᠢ ᠰᠢᠮ᠎ᠡ ᠲᠡᠵᠢᠭᠡᠯ ᠢᠶᠠᠷ ᠪᠠᠶᠠᠯᠢᠭ ᠂ ᠬᠥᠮᠥᠨ ᠤ ᠪᠡᠶ᠎ᠡ ᠳᠤ ᠠᠮᠠᠷᠬᠠᠨ ᠰᠢᠩᠭᠡᠵᠦ ᠂ | ᠬᠠᠷᠰᠢᠯ ᠪᠣᠯᠣᠨ ᠠᠷᠠᠰᠤᠨ ᠤ ᠠᠰᠠᠭᠤᠳᠠᠯ ᠢ ᠪᠠᠭᠤᠷᠠᠭᠤᠯᠳᠠᠭ ᠡᠷᠡᠭᠦᠯ ᠮᠡᠨᠳᠦ ᠶᠢᠨ ᠦᠨᠡᠲᠦ ᠪᠦᠲᠦᠭᠡᠭᠳᠡᠬᠦᠨ ᠶᠤᠮ ᠃ | |