| ᠡᠬᠢ ᠰᠤᠷᠪᠤᠯᠵᠢ ᠄ ᠰᠠᠩᠬᠦᠦ ᠶᠢᠨ ᠰᠦᠯᠵᠢᠶ᠎ᠡ | ᠴᠢᠨᠠᠷᠲᠠᠢ ᠡᠪᠡᠰᠦ ᠲᠡᠵᠢᠭᠡᠯ ᠠᠰᠢᠭᠯᠠᠬᠤ | ᠬᠤᠨᠢᠨ ᠳᠤ ᠲᠣᠬᠢᠷᠠᠮᠵᠢᠲᠠᠢ ᠂ ᠰᠢᠮ᠎ᠡ ᠲᠡᠵᠢᠭᠡᠯ ᠰᠠᠶᠢᠲᠠᠢ ᠂ ᠰᠢᠭᠦᠰᠦᠯᠢᠭ ᠡᠪᠡᠰᠦ ᠂ ᠲᠡᠵᠢᠭᠡᠯ ᠢ ᠰᠣᠩᠭᠤᠬᠤ | ᠬᠡᠷᠡᠭᠲᠡᠢ ᠃ ᠵᠢᠱᠢᠶ᠎ᠡ ᠨᠢ ᠄ ᠸᠠᠨᠳᠧᠦ ᠂ ᠬᠤᠰᠢᠶᠠᠩᠭᠤᠷ ᠵᠡᠷᠭᠡ ᠤᠷᠭᠤᠮᠠᠯ ᠃ ᠢᠯᠠᠩᠭᠤᠶ᠎ᠠ ᠬᠥᠬᠦᠨ ᠠᠴᠠ ᠭᠠᠷᠤᠭᠰᠠᠨ | ᠬᠤᠷᠠᠭ᠎ᠠ ᠪᠣᠯᠣᠨ ᠬᠡᠭᠡᠯ ᠲᠠᠢ ᠬᠤᠨᠢ ᠨᠡᠮᠡᠯᠲᠡ ᠰᠢᠮ᠎ᠡ ᠲᠡᠵᠢᠭᠡᠯ ᠠᠪᠬᠤ ᠱᠠᠭᠠᠷᠳᠠᠯᠭ᠎ᠠ ᠲᠠᠢ ᠃ | ᠲᠡᠵᠢᠭᠡᠯ ᠢ ᠨᠡᠮᠡᠭᠳᠡᠭᠦᠯᠬᠦ | ᠨᠠᠰᠤ ᠭᠦᠢᠴᠡᠭᠰᠡᠨ ᠬᠤᠨᠢᠨ ᠳᠤ ᠡᠳᠦᠷ ᠲᠤ 200 ᠭᠷᠡᠮ ᠣᠷᠴᠢᠮ ᠂ ᠬᠥᠬᠦᠨ ᠠᠴᠠ ᠭᠠᠷᠤᠭᠰᠠᠨ | ᠬᠤᠷᠠᠭᠠᠨ ᠳᠤ ᠡᠳᠦᠷ ᠲᠤ 100 ᠭᠷᠡᠮ ᠣᠷᠴᠢᠮ ᠨᠡᠮᠡᠯᠲᠡ ᠲᠡᠵᠢᠭᠡᠯ ᠥᠭᠬᠦ ᠬᠡᠷᠡᠭᠲᠡᠢ ᠃ ᠲᠡᠵᠢᠭᠡᠯ ᠤᠨ 25 | ᠣᠷᠴᠢᠮ ᠬᠤᠪᠢ ᠶᠢ ᠲᠣᠰᠣᠨ ᠤ ᠤᠷᠭᠤᠮᠠᠯ ᠤᠨ ᠦᠷ᠎ᠡ ᠶᠢᠨ ᠬᠠᠶᠠᠭᠳᠠᠯ ︵ᠬᠥᠪᠥᠩ ᠤᠨ ᠦᠷ᠎ᠡ ᠡᠰᠡᠪᠡᠯ ᠨᠠᠷᠠᠨ | ᠴᠡᠴᠡᠭ ᠤᠨ ᠦᠷ᠎ᠡ ᠶᠢᠨ ᠬᠠᠶᠠᠭᠳᠠᠯ ︶ ᠡᠵᠡᠯᠡᠬᠦ ᠶᠣᠰᠣᠲᠠᠢ ᠃ | ᠳᠠᠪᠤᠰᠤ ᠨᠡᠮᠡᠬᠦ | ᠬᠤᠨᠢᠨ ᠤ ᠪᠡᠶ᠎ᠡ ᠶᠢᠨ ᠵᠢᠩ ᠳᠤ ᠬᠠᠷᠢᠴᠠᠭᠤᠯᠵᠤ ᠂ ᠺᠢᠯᠣᠭ᠍ᠷᠠᠮ ᠲᠤᠲᠤᠮ ᠳᠤ 0.2 ᠭᠷᠡᠮ ᠳᠠᠪᠤᠰᠤ | ᠨᠡᠮᠡᠭᠰᠡᠨ ᠢᠶᠠᠷ ᠲᠡᠩᠴᠡᠪᠦᠷᠢ ᠶᠢ ᠬᠠᠳᠠᠭᠠᠯᠠᠨ᠎ᠠ ᠃ | ᠲᠡᠵᠢᠭᠡᠯᠯᠢᠭ ᠪᠠᠶᠢᠳᠠᠯ ᠢ ᠨᠡᠮᠡᠭᠳᠡᠭᠦᠯᠬᠦ | ᠵᠤᠨ ᠤ ᠬᠠᠯᠠᠭᠤᠨ ᠳᠤ ᠬᠤᠨᠢ ᠪᠠᠭ᠎ᠠ ᠢᠳᠡᠬᠦ ᠬᠠᠨᠳᠤᠯᠭ᠎ᠠ ᠲᠠᠢ ᠪᠠᠶᠢᠳᠠᠭ ᠲᠤᠯᠠ ᠲᠡᠵᠢᠭᠡᠯ ᠤᠨ | ᠳᠠᠪᠲᠠᠮᠵᠢ ᠶᠢ ᠨᠡᠮᠡᠭᠳᠡᠭᠦᠯᠬᠦ ᠨᠢ ᠵᠦᠢ ᠲᠠᠢ ᠃ ᠮᠦᠨ ᠬᠥᠭᠡᠴᠦᠷᠡᠭᠰᠡᠨ ᠂ ᠮᠠᠭᠤᠳᠠᠭᠰᠠᠨ ᠲᠡᠵᠢᠭᠡᠯ ᠥᠭᠴᠦ ᠪᠣᠯᠬᠤ | ᠦᠭᠡᠢ ᠃ | ᠲᠣᠬᠢᠷᠠᠮᠵᠢᠲᠠᠢ ᠴᠠᠭ ᠲᠤ ᠲᠡᠵᠢᠭᠡᠯ ᠥᠭᠬᠦ | ᠥᠷᠯᠥᠭᠡ ᠡᠷᠲᠡ ᠂ ᠣᠷᠣᠢ ᠰᠡᠷᠢᠭᠦᠨ ᠦᠶ᠎ᠡ ᠳᠤ ᠲᠡᠵᠢᠭᠡᠯ ᠥᠭᠬᠦ ᠬᠡᠷᠡᠭᠲᠡᠢ ᠃ ᠡᠳᠦᠷ ᠳᠤᠮᠳᠠ ᠬᠠᠯᠠᠭᠤᠨ | ᠴᠠᠭ ᠲᠤ ᠲᠡᠵᠢᠭᠡᠬᠦ ᠠᠴᠠ ᠵᠠᠶᠢᠯᠠᠰᠬᠢᠬᠦ ᠨᠢ ᠵᠦᠢ ᠲᠠᠢ ᠃ | ᠰᠥᠨᠢ ᠶᠢᠨ ᠨᠡᠮᠡᠯᠲᠡ ᠲᠡᠵᠢᠭᠡᠯ | ᠣᠷᠣᠢ 10 ᠴᠠᠭ ᠤᠨ ᠣᠷᠴᠢᠮ ᠰᠥᠨᠢ ᠶᠢᠨ ᠨᠡᠮᠡᠯᠲᠡ ᠲᠡᠵᠢᠭᠡᠯ ᠥᠭᠬᠦ ᠬᠡᠷᠡᠭᠲᠡᠢ ᠃ | |