| ᠡᠬᠢ ᠰᠤᠷᠪᠤᠯᠵᠢ ᠄ ᠪᠡᠭᠡᠵᠢᠩ ᠤᠨ ᠣᠷᠣᠢ ᠶᠢᠨ ᠰᠣᠨᠢᠨ | ᠬᠤᠨᠢᠨ ᠤ ᠮᠢᠬ᠎ᠠ ᠂ ᠡᠯᠢᠭᠡᠨ ᠤ ᠰᠢᠮ᠎ᠡ ᠲᠡᠵᠢᠭᠡᠯ | ᠡᠷᠲᠡᠨ ᠤ ᠰᠤᠳᠤᠷ ᠲᠤ ᠄ ︽ᠬᠤᠨᠢᠨ ᠤ ᠮᠢᠬ᠎ᠠ ᠳᠤᠯᠠᠭᠠᠴᠠᠭᠤᠯᠬᠤ ᠂ ᠲᠡᠩᠬᠡᠷᠡᠭᠦᠯᠬᠦ ᠂ ᠬᠤᠭᠤᠯᠠᠨ ᠤ | ᠳᠤᠷᠠᠰᠢᠯ ᠨᠡᠮᠡᠭᠳᠡᠭᠦᠯᠬᠦ ᠂ ᠪᠥᠭᠡᠷ᠎ᠡ ᠶᠢ ᠬᠠᠮᠠᠭᠠᠯᠠᠬᠤ ᠂ ᠪᠡᠶ᠎ᠡ ᠶᠢ ᠡᠷᠡᠭᠦᠯᠵᠢᠭᠦᠯᠬᠦ ᠂ ᠬᠦᠢᠲᠡᠨ ᠡᠪᠡᠳᠴᠢᠨ ᠢ ᠠᠷᠢᠯᠭᠠᠬᠤ | ᠠᠴᠢ ᠲᠤᠰᠠᠲᠠᠢ ︾ ᠭᠡᠵᠦ ᠳᠤᠷᠠᠳᠤᠭᠰᠠᠨ ᠪᠠᠶᠢᠳᠠᠭ ᠃ ᠣᠷᠴᠢᠨ ᠦᠶ᠎ᠡ ᠶᠢᠨ ᠬᠤᠭᠤᠯᠠ ᠲᠡᠵᠢᠭᠡᠯ ᠤᠨ | ᠰᠤᠳᠤᠯᠭ᠎ᠠ ᠪᠠᠷ ᠬᠤᠨᠢᠨ ᠤ ᠮᠢᠬ᠎ᠠ ᠨᠢ ᠤᠭᠤᠷᠠᠭ ᠂ ᠥᠭᠡᠬᠦ ᠲᠣᠰᠣ ᠂ A ᠪᠣᠯᠣᠨ В ᠸᠢᠲ᠋ᠠᠮᠢᠨ ᠤ ᠪᠦᠯᠦᠭ ᠂ | ᠲᠡᠮᠦᠷ ᠂ ᠴᠠᠶᠢᠷ ᠢᠶᠠᠷ ᠪᠠᠶᠠᠯᠢᠭ ᠪᠥᠭᠡᠳ ᠤᠭᠤᠷᠠᠭ ᠤᠨ ᠬᠡᠮᠵᠢᠶ᠎ᠡ ᠨᠢ ᠣᠶᠢᠷᠠᠯᠴᠠᠭ᠎ᠠ ᠪᠠᠷ 20% ᠪᠠᠶᠢᠳᠠᠭ ᠃ | ᠬᠤᠨᠢᠨ ᠤ ᠮᠢᠬ᠎ᠠ ᠨᠢ ᠭᠠᠭ᠋ᠠᠢ ᠶᠢᠨ ᠮᠢᠬ᠎ᠠ ᠠᠴᠠ ᠢᠯᠡᠭᠦᠦ ᠶᠡᠭᠡ ᠤᠭᠤᠷᠠᠭ ᠠᠭᠤᠯᠳᠠᠭ ᠪᠥᠭᠡᠳ ᠥᠭᠡᠬᠦ | ᠲᠣᠰᠣ ᠪᠠᠭ᠎ᠠ ᠲᠠᠢ ᠃ ᠲᠡᠭᠦᠨᠴᠢᠯᠡᠨ ᠲᠡᠮᠦᠷ ᠨᠢ ᠪᠡᠶ᠎ᠡ ᠳᠤ ᠠᠮᠠᠷᠬᠠᠨ ᠰᠢᠩᠭᠡᠳᠡᠭ ᠬᠡᠯᠪᠡᠷᠢ ᠪᠠᠷ ᠠᠭᠤᠯᠤᠭᠳᠠᠳᠠᠭ | ᠲᠤᠯᠠ ᠬᠤᠨᠢᠨ ᠤ ᠡᠯᠢᠭᠡ ᠶᠢ ᠲᠣᠭᠲᠠᠮᠠᠯ ᠬᠡᠷᠡᠭᠯᠡᠬᠦ ᠨᠢ ᠲᠡᠮᠦᠷ ᠤᠨ ᠳᠤᠲᠠᠭᠳᠠᠯ ᠠᠴᠠ ᠡᠭᠦᠳᠦᠯ ᠲᠠᠢ ᠴᠢᠰᠤ | ᠪᠠᠭᠠᠳᠠᠯᠲᠠ ᠶᠢ ᠪᠠᠭᠠᠰᠬᠠᠬᠤ ᠳᠤ ᠲᠤᠰᠠᠲᠠᠢ ᠃ ᠬᠤᠨᠢᠨ ᠤ ᠡᠯᠢᠭᠡ ᠨᠢ ᠤᠭᠤᠷᠠᠭ ᠂ ᠥᠭᠡᠬᠦ ᠲᠣᠰᠣᠨ ᠤ ᠥᠨᠳᠥᠷ | ᠠᠭᠤᠯᠤᠮᠵᠢ ᠠᠴᠠ ᠭᠠᠳᠠᠨ᠎ᠠ A᠂ В ᠸᠢᠲ᠋ᠠᠮᠢᠨ ᠤ ᠪᠦᠯᠦᠭ ᠂ ᠲᠡᠮᠦᠷ ᠢᠶᠠᠷ ᠪᠠᠶᠠᠯᠢᠭ ᠪᠠᠶᠢᠳᠠᠭ ᠃ | ᠬᠤᠨᠢᠨ ᠤ ᠮᠢᠬ᠎ᠠ ᠶᠢ ᠬᠡᠷᠬᠢᠨ ᠵᠥᠪ ᠪᠡᠯᠡᠳᠬᠡᠬᠦ ᠪᠤᠢ ︖ | ᠬᠤᠨᠢᠨ ᠤ ᠮᠢᠬ᠎ᠠ ᠶᠢ ᠴᠢᠨᠠᠬᠤ ᠂ ᠰᠢᠷᠠᠬᠤ ᠂ ᠬᠠᠭᠤᠷᠬᠤ ᠂ ᠱᠥᠯᠥ ᠬᠢᠬᠦ ᠵᠡᠷᠭᠡ ᠣᠯᠠᠨ ᠠᠷᠭ᠎ᠠ ᠪᠠᠷ | ᠪᠡᠯᠡᠳᠬᠡᠵᠦ ᠪᠣᠯᠣᠨ᠎ᠠ ᠃ ᠬᠠᠮᠤᠭ ᠤᠨ ᠠᠯᠳᠠᠷᠲᠠᠢ ᠠᠷᠭ᠎ᠠ ᠨᠤᠭᠤᠳ ᠨᠢ ᠄ | ᠰᠣᠩᠭᠢᠨ᠎ᠠ ᠲᠠᠢ ᠬᠠᠭᠤᠷᠠᠭᠰᠠᠨ ᠮᠢᠬ᠎ᠠ | ᠵᠥᠭᠡᠯᠡᠨ ᠴᠢᠨᠠᠭᠰᠠᠨ ᠮᠢᠬ᠎ᠠ | ᠤᠯᠠᠭᠠᠨ ᠠᠮᠲᠠᠯᠠᠭᠴᠢ ᠲᠠᠢ ᠴᠢᠨᠠᠭᠰᠠᠨ ᠮᠢᠬ᠎ᠠ | ᠱᠥᠯᠥᠨ ᠳᠤ ᠴᠢᠨᠠᠭᠰᠠᠨ ᠬᠤᠨᠢᠨ ᠤ ᠮᠢᠬ᠎ᠠ | ᠬᠤᠨᠢᠨ ᠤ ᠮᠢᠬ᠎ᠠ ᠲᠠᠢ ᠱᠥᠯᠥ | ᠮᠢᠬ᠎ᠠ ᠶᠢ ᠴᠢᠨᠠᠬᠤ ᠳᠤ ᠪᠠᠨ ᠯᠤᠤᠪᠠᠩ ᠂ ᠬᠠᠰ ᠂ ᠰᠠᠮᠤᠷ ᠂ ᠬᠠᠲᠠᠭᠠᠭᠰᠠᠨ ᠵᠢᠮᠢᠰ ᠵᠡᠷᠭᠡ ᠶᠢ ᠨᠡᠮᠡᠬᠦ ᠨᠢ | ᠬᠤᠭᠤᠯᠠᠨ ᠤ ᠲᠡᠵᠢᠭᠡᠯᠯᠢᠭ ᠴᠢᠨᠠᠷ ᠢ ᠰᠠᠶᠢᠵᠢᠷᠠᠭᠤᠯᠳᠠᠭ ᠃ | ᠬᠤᠭᠤᠯᠠ ᠬᠢᠬᠦ ᠳᠤ ᠪᠠᠨ ᠰᠣᠩᠭᠢᠨ᠎ᠠ ᠂ ᠴᠠᠭᠠᠨ ᠭᠠ ᠵᠡᠷᠭᠡ ᠠᠮᠲᠠᠯᠠᠭᠴᠢ ᠬᠡᠷᠡᠭᠯᠡᠬᠦ ᠨᠢ ᠮᠢᠬᠠᠨ ᠤ | ᠥᠪᠡᠷᠮᠢᠴᠡ ᠦᠨᠦᠷ ᠢ ᠳᠠᠷᠤᠵᠤ ᠂ ᠠᠮᠲᠠ ᠶᠢ ᠰᠠᠶᠢᠵᠢᠷᠠᠭᠤᠯᠳᠠᠭ ᠃ | ᠠᠩᠬᠠᠷᠬᠤ ᠵᠦᠢᠯᠡᠰ ᠄ | ᠢᠯᠡᠭᠦᠳᠡᠯ ᠵᠢᠩᠲᠡᠢ ᠬᠥᠮᠥᠰ ᠢ ᠪᠣᠳᠣᠯᠴᠠᠵᠤ ᠂ ᠬᠤᠨᠢᠨ ᠤ ᠮᠢᠬ᠎ᠠ ᠶᠢ ᠶᠡᠬᠡᠪᠴᠢᠯᠡᠨ ᠴᠢᠨᠠᠬᠤ ᠡᠰᠡᠪᠡᠯ ᠱᠥᠯᠥ | ᠬᠢᠬᠦ ᠠᠷᠭ᠎ᠠ ᠪᠠᠷ ᠪᠡᠯᠡᠳᠬᠡᠬᠦ ᠶᠢ ᠵᠥᠪᠯᠡᠵᠦ ᠪᠠᠶᠢᠨ᠎ᠠ ᠃ | ᠰᠢᠷᠠᠭᠰᠠᠨ ᠪᠣᠯᠣᠨ ᠲᠣᠰᠣᠨ ᠳᠤ ᠬᠠᠭᠤᠷᠠᠭᠰᠠᠨ ᠮᠢᠬ᠎ᠠ ᠶᠢ ᠪᠠᠭ᠎ᠠ ᠬᠡᠷᠡᠭᠯᠡᠬᠦ ᠬᠡᠷᠡᠭᠲᠡᠢ ᠃ | ᠱᠥᠯᠥᠨ ᠳᠤ ᠴᠢᠨᠠᠭᠰᠠᠨ ᠮᠢᠬ᠎ᠠ ᠨᠢ ᠪᠡᠶ᠎ᠡ ᠶᠢ ᠳᠤᠯᠠᠭᠠᠴᠠᠭᠤᠯᠵᠤ ᠂ ᠡᠷᠴᠢ ᠬᠦᠴᠦ ᠨᠡᠮᠡᠳᠡᠭ ᠲᠤᠯᠠ | ᠥᠷᠯᠥᠭᠡᠨ ᠤ ᠴᠠᠢ ᠳᠤ ᠪᠠᠨ ᠬᠤᠨᠢᠨ ᠤ ᠮᠢᠬ᠎ᠠ ᠲᠠᠢ ᠱᠥᠯᠥ ᠢᠳᠡᠬᠦ ᠨᠢ ᠲᠣᠬᠢᠷᠠᠮᠵᠢᠲᠠᠢ ᠃ | |