ᠢᠮᠠᠭᠠᠨ ᠤ ᠰᠦᠨ ᠤ ᠰᠢᠮ᠎ᠡ ᠲᠡᠵᠢᠭᠡᠯ ᠪᠠ ᠠᠴᠢ ᠲᠤᠰᠠ
ᠨᠡᠶᠢᠲᠡᠯᠡᠭᠰᠡᠨ ᠴᠠᠭ᠄
2024/11/29
        ᠢᠮᠠᠭᠠᠨ ᠤ ᠰᠦ ᠶᠢ ᠳᠡᠯᠡᠬᠡᠢ ᠳ᠋ᠠᠬᠢᠨ ᠳᠤ ︽ᠰᠦᠨ ᠤ ᠬᠠᠭᠠᠨ ︾ ᠭᠡᠵᠦ ᠨᠡᠷᠡᠯᠡᠳᠡᠭ ᠃ ᠲᠡᠭᠦᠨ ᠤ ᠥᠭᠡᠬᠦ ᠲᠣᠰᠣᠨ ᠤ ᠮᠣᠯᠧᠺᠦ᠋ᠯ ᠨᠢ ᠵᠢᠵᠢᠭ ᠂ ᠪᠡᠶ᠎ᠡ ᠳᠤ ᠬᠢᠯᠪᠠᠷ ᠰᠢᠩᠭᠡᠳᠡᠭ ᠲᠤᠯᠠ ᠡᠷᠡᠭᠦᠯ ᠮᠡᠨᠳᠦ ᠳᠤ ᠮᠠᠰᠢ ᠶᠡᠭᠡ ᠠᠴᠢ ᠬᠤᠯᠪᠣᠭᠳᠠᠯ ᠲᠠᠢ ᠃       ᠢᠮᠠᠭᠠᠨ ᠤ ᠰᠦᠨ ᠤ ᠳᠠᠪᠠᠭᠤ ᠲᠠᠯ᠎ᠠ ᠨᠤᠭᠤᠳ ᠄        ᠰᠢᠩᠭᠡᠴᠡ ᠰᠠᠶᠢᠲᠠᠢ ᠄ ᠥᠭᠡᠬᠦ ᠲᠣᠰᠣᠨ ᠤ ᠮᠣᠯᠧᠺᠦ᠋ᠯ ᠵᠢᠵᠢᠭ ᠲᠤᠯᠠ ᠬᠥᠮᠥᠨ ᠤ ᠪᠡᠶ᠎ᠡ ᠳᠤ ᠠᠮᠠᠷᠬᠠᠨ ᠰᠢᠩᠭᠡᠳᠡᠭ ᠃       ᠬᠠᠷᠰᠢᠯ ᠤᠨ ᠡᠰᠡᠷᠭᠦ ᠄ ᠢᠮᠠᠭᠠᠨ ᠤ ᠰᠦᠨ ᠳᠤ ᠬᠠᠷᠰᠢᠯ ᠡᠭᠦᠰᠬᠡᠳᠡᠭ ᠤᠭᠤᠷᠠᠭ ᠪᠠᠭ᠎ᠠ ᠪᠠᠶᠢᠳᠠᠭ ᠲᠤᠯᠠ ᠬᠠᠷᠰᠢᠯ ᠲᠠᠢ ᠬᠥᠮᠦᠰ ᠬᠡᠷᠡᠭᠯᠡᠬᠦ ᠳᠤ ᠲᠣᠬᠢᠷᠠᠮᠵᠢᠲᠠᠢ ᠃       ᠲᠡᠵᠢᠭᠡᠯᠯᠢᠭ ᠴᠢᠨᠠᠷ ᠄ ᠤᠭᠤᠷᠠᠭ ᠂ A᠎ ᠂ В ᠸᠢᠲ᠋ᠠᠮᠢᠨ ᠂ ᠺᠠᠯᠼ ᠤᠨ ᠠᠭᠤᠯᠤᠮᠵᠢ ᠥᠨᠳᠥᠷ ᠲᠤᠯᠠ ᠢᠯᠠᠩᠭᠤᠶ᠎ᠠ ᠬᠡᠦᠬᠡᠳ ᠤᠨ ᠥᠰᠦᠯᠲᠡ ᠂ ᠬᠥᠭᠵᠢᠯ ᠳᠤ ᠮᠠᠰᠢ ᠲᠤᠰᠠᠲᠠᠢ ᠃       ᠢᠮᠠᠭᠠᠨ ᠤ ᠰᠦᠨ ᠤ ᠠᠰᠢᠭ ᠲᠤᠰᠠ ᠄        ᠡᠮᠴᠢᠯᠡᠭᠡᠨ ᠤ ᠬᠡᠷᠡᠭᠯᠡᠭᠡ ᠄ ᠢᠮᠠᠭᠠᠨ ᠤ ᠰᠦ ᠨᠢ ᠬᠤᠳᠣᠭᠤᠳᠤᠨ ᠤ ᠰᠢᠷᠬ᠎ᠠ ᠂ ᠠᠮᠢᠰᠬᠤᠯ ᠤᠨ ᠵᠠᠮ ᠤᠨ ᠦᠷᠪᠢᠰᠦᠯ ᠢ ᠨᠠᠮᠳᠠᠭᠠᠬᠤ ᠦᠢᠯᠡᠴᠢᠯᠡᠭᠡ ᠲᠠᠢ ᠃       ᠠᠬᠠᠮᠠᠳ ᠨᠠᠰᠤᠲᠠᠨ ᠳᠤ ᠄ ᠲᠡᠵᠢᠭᠡᠯᠯᠢᠭ ᠴᠢᠨᠠᠷ ᠢᠶᠠᠷ ᠢᠶᠠᠨ ᠶᠠᠰᠤᠨ ᠤ ᠰᠡᠶᠢᠷᠡᠭᠵᠢᠯᠲᠡ ᠪᠣᠯᠣᠨ ᠳᠠᠷᠬᠠᠯᠠᠭ᠎ᠠ ᠰᠤᠯᠠᠷᠠᠯᠲᠠ ᠲᠠᠢ ᠲᠡᠮᠡᠴᠡᠬᠦ ᠳᠤ ᠲᠤᠰᠠᠲᠠᠢ ᠃       ᠵᠥᠪᠯᠡᠯᠭᠡ ᠄        ᠪᠡᠶ᠎ᠡ ᠰᠤᠯᠢᠳᠠᠭᠰᠠᠨ ᠦᠶ᠎ᠡ ᠳᠤ ᠬᠡᠷᠡᠭᠯᠡᠬᠦ ᠄ ᠢᠮᠠᠭᠠᠨ ᠤ ᠰᠦ ᠨᠢ ᠪᠡᠶ᠎ᠡ ᠶᠢᠨ ᠲᠠᠮᠢᠷ ᠲᠡᠩᠬᠡᠭᠡ ᠶᠢ ᠰᠡᠷᠭᠦᠭᠡᠵᠦ ᠂ ᠳᠠᠷᠬᠠᠯᠠᠭ᠎ᠠ ᠶᠢ ᠳᠡᠮᠵᠢᠳᠡᠭ ᠃       ᠬᠠᠷᠢᠨ ᠪᠥᠭᠡᠷᠡᠨ ᠤ ᠡᠪᠡᠳᠴᠢᠲᠡᠶ ᠬᠥᠮᠥᠰ ᠲᠤ ᠲᠣᠬᠢᠷᠠᠮᠵᠢ ᠦᠭᠡᠢ ᠄ ᠪᠥᠭᠡᠷᠡᠨ ᠤ ᠡᠪᠡᠳᠴᠢᠲᠡᠶ ᠬᠥᠮᠥᠰ ᠲᠤ ᠢᠮᠠᠭᠠᠨ ᠤ ᠰᠦ ᠬᠡᠷᠡᠭᠯᠡᠬᠦ ᠠᠴᠠ ᠵᠠᠶᠢᠯᠠᠰᠬᠢᠬᠦ ᠬᠡᠷᠡᠭᠲᠡᠢ ᠃       ᠢᠮᠠᠭᠠᠨ ᠤ ᠰᠦᠨ ᠤ ᠵᠠᠬ᠎ᠠ ᠵᠡᠭᠡᠯᠢ ᠳᠡᠯᠡᠬᠡᠢ ᠳᠠᠶᠠᠭᠠᠷ ᠥᠰᠦᠨ ᠨᠡᠮᠡᠭᠳᠡᠵᠦ ᠂ ᠡᠷᠡᠭᠦᠯ ᠠᠮᠢᠳᠤᠷᠠᠯ ᠤᠨ ᠬᠡᠪ ᠮᠠᠶ᠋ᠢᠭ ᠢ ᠳᠡᠮᠵᠢᠭᠴᠢᠳ ᠤᠨ ᠳᠤᠮᠳᠠ ᠮᠠᠰᠢ ᠶᠡᠭᠡ ᠡᠷᠢᠯᠲᠡ ᠲᠠᠢ ᠪᠣᠯᠵᠤ ᠪᠠᠶᠢᠨ᠎ᠠ ᠃            
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号