ᠢᠮᠠᠭᠠᠨ ᠤ ᠰᠦᠨ ᠤ ᠰᠢᠮ᠎ᠡ ᠲᠡᠵᠢᠭᠡᠯ ᠪᠠ ᠠᠰᠢᠭ ᠲᠤᠰᠠ
ᠨᠡᠶᠢᠲᠡᠯᠡᠭᠰᠡᠨ ᠴᠠᠭ᠄
2024/11/29
              ᠥᠭᠡᠬᠦ ᠲᠣᠰᠣ ᠄        ᠢᠮᠠᠭᠠᠨ ᠤ ᠰᠦᠨ ᠤ ᠥᠭᠡᠬᠦ ᠲᠣᠰᠣ 3.6%-4.5% ᠠᠭᠤᠯᠤᠭᠳᠠᠳᠠᠭ ᠪᠥᠭᠡᠳ ᠥᠭᠡᠬᠦ ᠲᠣᠰᠣᠨ ᠤ ᠮᠣᠯᠧᠺᠦ᠋ᠯ ᠤᠨ ᠳ᠋ᠢᠶᠠᠮᠧᠲᠷ 2 ᠮᠢᠺᠷᠣᠨ ᠣᠷᠴᠢᠮ ᠪᠠᠶᠢᠳᠠᠭ ᠪᠣᠯ ᠦᠬᠡᠷ ᠤᠨ ᠰᠦᠨ ᠤ ᠬᠢ 3-4 ᠮᠢᠺᠷᠣᠨ ᠬᠡᠮᠵᠢᠶ᠎ᠡ ᠲᠠᠢ ᠃ ᠲᠡᠭᠦᠨᠴᠢᠯᠡᠨ ᠂ ᠢᠮᠠᠭᠠᠨ ᠤ ᠰᠦᠨ ᠳᠤ ᠠᠭᠤᠯᠤᠭᠳᠠᠬᠤ ᠥᠭᠡᠬᠦ ᠲᠣᠰᠣᠨ ᠤ ᠮᠣᠯᠧᠺᠦ᠋ᠯ ᠵᠢᠵᠢᠭ ᠲᠤᠯᠠ ᠬᠢᠯᠪᠠᠷ ᠰᠢᠩᠭᠡᠳᠡᠭ ᠪᠥᠭᠡᠳ ᠪᠦᠬᠦ ᠥᠭᠡᠬᠦ ᠲᠣᠰᠣᠨ ᠤ 25%᠎ ᠢ ᠳᠡᠭᠡᠳᠦ ᠵᠡᠷᠭᠡ ᠶᠢᠨ ᠳᠡᠭᠳᠡᠮᠡᠬᠡᠶ ᠲᠣᠰᠣᠨ ᠤ ᠬᠦᠴᠢᠯ ᠤᠳ ᠡᠵᠡᠯᠡᠳᠡᠭ ᠪᠣᠯ ᠦᠬᠡᠷ ᠤᠨ ᠰᠦᠨ ᠳᠤ ᠡᠨᠡ ᠦᠵᠡᠭᠦᠯᠦᠯᠲᠡ 10%᠎ ᠠᠴᠠ ᠪᠠᠭ᠎ᠠ ᠪᠠᠶᠢᠳᠠᠭ ᠃       ᠤᠭᠤᠷᠠᠭ ᠄        ᠢᠮᠠᠭᠠᠨ ᠤ ᠰᠦᠨ ᠤ ᠤᠭᠤᠷᠠᠭ ᠨᠢ ᠭᠤᠣᠯᠴᠢᠯᠠᠨ ᠺᠠᠽᠧᠶ᠋ᠢᠨ ᠪᠣᠯᠣᠨ ᠰᠢᠷ᠎ᠠ ᠰᠦᠨ ᠤ ᠤᠭᠤᠷᠠᠭ ᠠᠭᠤᠯᠳᠠᠭ ᠃ ᠢᠮᠠᠭᠠᠨ ᠤ ᠰᠦ ᠂ ᠦᠬᠡᠷ ᠤᠨ ᠰᠦ ᠂ ᠬᠥᠮᠥᠨ ᠤ ᠰᠦ ᠳᠠᠬᠢ ᠺᠠᠽᠧᠶ᠋ᠢᠨ ᠪᠠ ᠰᠢᠷ᠎ᠠ ᠰᠦᠨ ᠤ ᠤᠭᠤᠷᠠᠭ ᠤᠨ ᠬᠠᠷᠢᠴᠠᠭ᠎ᠠ ᠨᠢ ᠄        ᠢᠮᠠᠭᠠᠨ ᠤ ᠰᠦᠨ ᠳᠤ 75:25       ᠦᠬᠡᠷ ᠤᠨ ᠰᠦᠨ ᠳᠤ 85:15       ᠬᠥᠮᠥᠨ ᠤ ᠰᠦᠨ ᠳᠤ 60:40 ᠪᠠᠶᠢᠨ᠎ᠠ ᠃       ᠰᠦᠰᠦᠨ ᠤ ᠴᠢᠯᠠᠭᠤᠯᠢᠭ ᠠᠯᠺᠣᠣᠯ ᠄        100 ᠭᠷᠡᠮ ᠢᠮᠠᠭᠠᠨ ᠤ ᠰᠦᠨ ᠳᠤ 10-13 ᠮᠢᠯᠢᠭᠷᠡᠮ ᠰᠦᠰᠦᠨ ᠤ ᠴᠢᠯᠠᠭᠤᠯᠢᠭ ᠠᠯᠺᠣᠣᠯ ᠠᠭᠤᠯᠤᠭᠳᠠᠳᠠᠭ ᠪᠣᠯ ᠬᠥᠮᠥᠨ ᠤ ᠰᠦᠨ ᠳᠤ ᠡᠨᠡ ᠦᠵᠡᠭᠦᠯᠦᠯᠲᠡ 20 ᠮᠢᠯᠢᠭᠷᠡᠮ ᠪᠠᠶᠢᠳᠠᠭ ᠃ ᠢᠮᠠᠭᠠᠨ ᠤ ᠰᠦᠨ ᠳᠠᠬᠢ ᠪᠠᠭ᠎ᠠ ᠬᠡᠮᠵᠢᠶᠡᠨ ᠤ ᠰᠦᠰᠦᠨ ᠤ ᠴᠢᠯᠠᠭᠤᠯᠢᠭ ᠠᠯᠺᠣᠣᠯ ᠨᠢ ᠴᠢᠰᠤᠨ ᠤ ᠳᠠᠷᠤᠯᠲᠠ ᠶᠡᠬᠡᠰᠬᠦ ᠡᠪᠡᠳᠴᠢᠨ ᠤ ᠡᠷᠡᠰᠳᠡᠯ ᠢ ᠪᠠᠭᠤᠷᠠᠭᠤᠯᠬᠤ ᠳᠤ ᠨᠥᠯᠥᠭᠡᠯᠡᠳᠡᠭ ᠃       ᠴᠥᠮ᠎ᠡ ᠶᠢᠨ ᠬᠦᠴᠢᠯ ᠄        ᠢᠮᠠᠭᠠᠨ ᠤ ᠰᠦᠨ ᠳᠠᠬᠢ ᠴᠥᠮ᠎ᠡ ᠶᠢᠨ ᠬᠦᠴᠢᠯ ᠨᠢ ᠦᠬᠡᠷ ᠤᠨ ᠪᠣᠯᠣᠨ ᠬᠥᠮᠥᠨ ᠤ ᠰᠦᠨ ᠠᠴᠠ ᠢᠯᠡᠭᠦᠦ ᠥᠨᠳᠥᠷ ᠠᠭᠤᠯᠤᠮᠵᠢ ᠲᠠᠢ ᠪᠠᠶᠢᠳᠠᠭ ᠃       ᠢᠮᠠᠭᠠᠨ ᠤ ᠰᠦᠨ ᠤ ᠠᠴᠢ ᠬᠤᠯᠪᠣᠭᠳᠠᠯ ᠪᠠ ᠬᠡᠷᠡᠭᠯᠡᠭᠡ       ᠦᠨᠳᠦᠰᠦᠨ ᠠᠴᠢ ᠲᠤᠰᠠ ᠄        ᠢᠮᠠᠭᠠᠨ ᠤ ᠰᠦ ᠨᠢ ᠠᠮᠲᠠᠯᠢᠭ ᠂ ᠳᠤᠯᠠᠭᠠᠨ ᠴᠢᠨᠠᠷᠲᠠᠢ ᠂ ᠡᠯᠢᠭᠡ ᠂ ᠬᠤᠳᠣᠭᠤᠳᠣ ᠂ ᠵᠢᠷᠦᠬᠡ ᠂ ᠪᠥᠭᠡᠷᠡᠨ ᠤ ᠰᠤᠪᠠᠭ ᠢ ᠲᠡᠳᠬᠦᠬᠦ ᠦᠢᠯᠡᠴᠢᠯᠡᠭᠡ ᠲᠠᠢ ᠃       ᠬᠤᠭᠤᠯᠠ ᠪᠣᠯᠪᠠᠰᠤᠷᠠᠭᠤᠯᠬᠤ ᠳᠤ ᠲᠤᠰᠠᠲᠠᠢ ᠄        ᠢᠮᠠᠭᠠᠨ ᠤ ᠰᠦ ᠨᠢ ᠬᠤᠭᠤᠯᠠ ᠰᠢᠩᠭᠡᠭᠡᠯᠲᠡ ᠶᠢ ᠰᠠᠶᠢᠵᠢᠷᠠᠭᠤᠯᠵᠤ ᠂ ᠬᠤᠳᠣᠭᠤᠳᠣ ᠭᠡᠳᠡᠰᠦᠨ ᠤ ᠰᠢᠷᠬᠠᠯᠠᠭ᠎ᠠ ᠶᠢ ᠡᠮᠴᠢᠯᠡᠬᠦ ᠳᠤ ᠲᠣᠬᠢᠷᠠᠮᠵᠢᠲᠠᠢ ᠃       ᠳᠠᠷᠬᠠᠯᠠᠭ᠎ᠠ ᠶᠢ ᠳᠡᠮᠵᠢᠳᠡᠭ ᠄        ᠢᠮᠠᠭᠠᠨ ᠤ ᠰᠦᠨ ᠳᠤ ᠠᠭᠤᠯᠤᠭᠳᠠᠬᠤ ᠡᠰ ᠤᠨ ᠥᠰᠦᠯᠲᠡ ᠶᠢᠨ ᠬᠦᠴᠦᠨ ᠵᠦᠢᠯ ᠨᠢ ᠪᠡᠶ᠎ᠡ ᠮᠠᠬᠠᠪᠤᠳ ᠤᠨ ᠡᠰ ᠢ ᠰᠡᠷᠭᠦᠭᠡᠵᠦ ᠂ ᠠᠮᠢᠰᠬᠤᠯ ᠤᠨ ᠵᠠᠮ ᠪᠣᠯᠣᠨ ᠬᠤᠭᠤᠯᠠ ᠪᠣᠯᠪᠠᠰᠤᠷᠠᠭᠤᠯᠬᠤ ᠵᠠᠮ ᠤᠨ ᠰᠠᠯᠢᠰᠤᠲᠤ ᠶᠢ ᠬᠠᠮᠠᠭᠠᠯᠠᠳᠠᠭ ᠃       ᠵᠣᠬᠢᠮᠵᠢᠲᠠᠢ ᠬᠡᠷᠡᠭᠯᠡᠭᠡ ᠄        ᠢᠮᠠᠭᠠᠨ ᠤ ᠰᠦ ᠶᠢ ᠪᠦᠬᠦ ᠨᠠᠰᠤᠨ ᠤ ᠬᠢᠨ ᠬᠡᠷᠡᠭᠯᠡᠬᠦ ᠳᠤ ᠲᠣᠬᠢᠷᠠᠮᠵᠢᠲᠠᠢ ᠪᠥᠭᠡᠳ ᠢᠯᠠᠩᠭᠤᠶ᠎ᠠ ᠄        ᠨᠢᠷᠠᠢ ᠬᠡᠦᠬᠡᠳ ᠄ ᠬᠤᠭᠤᠯᠠ ᠰᠢᠩᠭᠡᠭᠡᠯᠲᠡ ᠰᠠᠶᠢᠲᠠᠢ ᠲᠤᠯᠠ ᠡᠬᠡ ᠶᠢᠨ ᠰᠦᠨ ᠤ ᠣᠷᠣᠯᠠᠭᠤᠯᠤᠭᠴᠢ ᠪᠣᠯᠵᠤ ᠴᠢᠳᠠᠨ᠎ᠠ ᠃       ᠬᠤᠭᠤᠯᠠ ᠲᠡᠵᠢᠭᠡᠯ ᠤᠨ ᠳᠤᠲᠠᠭᠳᠠᠯ ᠲᠠᠢ ᠬᠥᠮᠦᠰ ᠄ ᠪᠡᠶ᠎ᠡ ᠶᠢᠨ ᠲᠠᠮᠢᠷ ᠲᠡᠩᠬᠡᠭᠡ ᠰᠠᠶᠢᠵᠢᠷᠠᠭᠤᠯᠤᠨ᠎ᠠ ᠃       ᠠᠬᠠᠮᠠᠳ ᠨᠠᠰᠤᠲᠠᠨ ᠨᠤᠭᠤᠳ ᠄ ᠶᠠᠰᠤ ᠰᠡᠶᠢᠷᠡᠭᠵᠢᠯᠲᠡ ᠠᠴᠠ ᠬᠠᠮᠠᠭᠠᠯᠠᠵᠤ ᠂ ᠳᠠᠷᠬᠠᠯᠠᠭ᠎ᠠ ᠶᠢ ᠨᠡᠮᠡᠭᠳᠡᠭᠦᠯᠦᠨ᠎ᠡ ᠃       ᠠᠩᠬᠠᠷᠬᠤ ᠵᠦᠢᠯᠡᠰ ᠄        ᠭᠡᠬᠦ ᠳᠤ ᠪᠠᠨ ᠪᠥᠭᠡᠷᠡᠨ ᠤ ᠡᠪᠡᠳᠴᠢᠲᠡᠶ ᠂ ᠭᠡᠳᠡᠰᠦᠨ ᠤ ᠬᠦᠨᠳᠦ ᠠᠰᠠᠭᠤᠳᠠᠯ ᠲᠠᠢ ᠬᠥᠮᠦᠰ ᠢᠮᠠᠭᠠᠨ ᠤ ᠰᠦ ᠶᠢ ᠡᠮᠴᠢ ᠶᠢᠨ ᠵᠢᠭᠠᠪᠤᠷᠢ ᠪᠠᠷ ᠬᠡᠷᠡᠭᠯᠡᠬᠦ ᠨᠢ ᠵᠦᠢ ᠲᠠᠢ ᠃       ᠵᠠᠬ᠎ᠠ ᠵᠡᠭᠡᠯᠢ ᠪᠠ ᠢᠷᠡᠭᠡᠳᠦᠢ       ᠢᠮᠠᠭᠠᠨ ᠤ ᠰᠦᠨ ᠤ ᠰᠠᠯᠪᠤᠷᠢ ᠳᠡᠯᠡᠬᠡᠢ ᠶᠢᠨ ᠬᠡᠮᠵᠢᠶᠡᠨ ᠳᠤ ᠬᠤᠷᠳᠤᠴᠠ ᠲᠠᠢ ᠬᠥᠭᠵᠢᠵᠦ ᠂ ᠢᠮᠠᠭᠠᠨ ᠤ ᠰᠦᠨ ᠪᠦᠲᠦᠭᠡᠭᠳᠡᠬᠦᠨ ᠤ ᠡᠷᠢᠯᠲᠡ ᠨᠡᠮᠡᠭᠳᠡᠵᠦ ᠪᠠᠶᠢᠨ᠎ᠠ ᠃ ᠢᠮᠠᠭᠠᠨ ᠤ ᠰᠦ ᠨᠢ ᠥᠨᠳᠥᠷ ᠦᠨ᠎ᠡ ᠴᠡᠨ᠎ᠡ ᠲᠠᠢ ᠂ ᠲᠠᠩᠰᠤᠭ ᠵᠡᠷᠭᠡᠯᠡᠯ ᠤᠨ ᠪᠦᠲᠦᠭᠡᠭᠳᠡᠬᠦᠨ ᠪᠣᠯᠵᠤ ᠂ ᠥᠷᠭᠡᠨ ᠬᠡᠷᠡᠭᠯᠡᠭᠡᠨ ᠤ ᠬᠦᠨᠡᠰᠦ ᠪᠣᠯᠣᠨ ᠬᠥᠭᠵᠢᠵᠦ ᠪᠤᠢ ᠨᠢ ᠡᠨᠡ ᠪᠦᠲᠦᠭᠡᠭᠳᠡᠬᠦᠨ ᠤ ᠢᠷᠡᠭᠡᠳᠦᠢ ᠭᠡᠷᠡᠯ ᠲᠠᠢ ᠪᠠᠶᠢᠭ᠎ᠠ ᠶᠢ ᠬᠠᠷᠠᠭᠤᠯᠵᠤ ᠪᠠᠶᠢᠨ᠎ᠠ ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号