| | ᠢᠮᠠᠭᠠᠨ ᠤ ᠰᠦ ᠶᠢ ᠣᠯᠠᠨ ᠤᠯᠤᠰ ᠤᠨ ᠬᠡᠮᠵᠢᠶᠡᠨ ᠳᠤ ︽ᠰᠦᠨ ᠤ ᠬᠠᠭᠠᠨ ︾ ᠭᠡᠵᠦ ᠨᠡᠷᠡᠯᠡᠳᠡᠭ ᠃ | ᠢᠮᠠᠭᠠᠨ ᠤ ᠰᠦᠨ ᠤ ᠥᠭᠡᠬᠦ ᠲᠣᠰᠣᠨ ᠤ ᠮᠣᠯᠧᠺᠦ᠋ᠯ ᠨᠢ ᠦᠬᠡᠷ ᠤᠨ ᠰᠦᠨ ᠤ ᠠᠴᠠ ᠭᠤᠷᠪᠠ ᠳᠠᠬᠢᠨ ᠵᠢᠵᠢᠭ | ᠲᠤᠯᠠ ᠬᠥᠮᠥᠨ ᠤ ᠪᠡᠶ᠎ᠡ ᠳᠤ ᠠᠮᠠᠷᠬᠠᠨ ᠰᠢᠩᠭᠡᠳᠡᠭ ᠃ ᠲᠡᠭᠦᠨᠴᠢᠯᠡᠨ ᠢᠮᠠᠭᠠᠨ ᠤ ᠰᠦ ᠶᠢ ᠤᠳᠠᠭᠠᠨ | ᠬᠤᠭᠤᠴᠠᠭᠠᠨ ᠳᠤ ᠬᠡᠷᠡᠭᠯᠡᠬᠦ ᠳᠤ ᠵᠢᠩ ᠨᠡᠮᠡᠭᠳᠡᠬᠦ ᠦᠭᠡᠢ ᠃ ᠢᠮᠠᠭᠠᠨ ᠤ ᠰᠦᠨ ᠳᠤ ᠠᠭᠤᠯᠤᠭᠳᠠᠬᠤ ᠠᠮᠢᠨ ᠳᠡᠮ | ᠦᠬᠡᠷ ᠤᠨ ᠰᠦᠨ ᠠᠴᠠ ᠬᠠᠮᠢᠶ᠎ᠠ ᠦᠭᠡᠢ ᠥᠨᠳᠥᠷ ᠪᠠᠶᠢᠳᠠᠭ ᠃ ᠵᠠᠷᠢᠮ ᠤᠯᠤᠰ ᠣᠷᠣᠨ ᠨᠤᠭᠤᠳ ᠲᠤ ᠢᠮᠠᠭᠠᠨ ᠤ | ᠰᠦ ᠶᠢ ᠬᠠᠮᠤᠭ ᠤᠨ ᠲᠡᠵᠢᠭᠡᠯᠯᠢᠭ ᠬᠦᠨᠡᠰᠦ ᠬᠡᠮᠡᠨ ᠦᠨᠡᠯᠡᠳᠡᠭ ᠪᠥᠭᠡᠳ ᠡᠸᠦ᠋ᠷᠦᠫᠡ ᠳᠤ ᠰᠢᠨ᠎ᠡ ᠢᠮᠠᠭᠠᠨ ᠤ | ᠰᠦᠨ ᠤ ᠦᠨ᠎ᠡ ᠦᠬᠡᠷ ᠤᠨ ᠰᠦᠨ ᠤ ᠠᠴᠠ 7 ᠳᠠᠬᠢᠨ ᠥᠨᠳᠥᠷ ᠪᠠᠶᠢᠳᠠᠭ ᠃ ᠰᠢᠨᠵᠢᠭᠡᠴᠢᠳ ᠤᠨ ᠵᠥᠪᠯᠡᠭᠰᠡᠨ ᠢᠶᠠᠷ | ᠬᠠᠷᠰᠢᠯ ᠲᠠᠢ ᠂ ᠬᠤᠳᠣᠭᠤᠳᠣ ᠭᠡᠳᠡᠰᠦᠨ ᠤ ᠡᠮᠭᠡᠭ ᠲᠠᠢ ᠂ ᠭᠤᠤᠷᠰᠤᠨ ᠬᠤᠭᠤᠯᠠᠢ ᠶᠢᠨ ᠦᠷᠪᠢᠰᠦᠯ ᠲᠠᠢ ᠂ ᠰᠤᠯᠠ | ᠪᠡᠶ᠎ᠡ ᠲᠠᠢ ᠬᠥᠮᠦᠰ ᠪᠣᠯᠣᠨ ᠨᠢᠷᠠᠢ ᠬᠡᠦᠬᠡᠳ ᠲᠤ ᠢᠮᠠᠭᠠᠨ ᠤ ᠰᠦ ᠬᠡᠷᠡᠭᠯᠡᠬᠦ ᠨᠢ ᠲᠣᠬᠢᠷᠠᠮᠵᠢᠲᠠᠢ ᠃ | ᠢᠮᠠᠭᠠᠨ ᠤ ᠰᠦᠨ ᠤ ᠰᠢᠮ᠎ᠡ ᠲᠡᠵᠢᠭᠡᠯ | ᠬᠠᠲᠠᠭᠤ ᠪᠣᠳᠠᠰ ᠪᠠ ᠢᠯᠴᠢᠯᠢᠭ ᠄ | ᠢᠮᠠᠭᠠᠨ ᠤ ᠰᠦᠨ ᠤ ᠬᠠᠲᠠᠭᠤ ᠪᠣᠳᠠᠰ ᠤᠨ ᠠᠭᠤᠯᠤᠮᠵᠢ ᠨᠢ ᠦᠬᠡᠷ ᠤᠨ ᠰᠦᠨ ᠤ ᠬᠢ ᠲᠠᠢ ᠣᠶᠢᠷᠠᠯᠴᠠᠭ᠎ᠠ | ᠡᠰᠡᠪᠡᠯ ᠠᠷᠠᠢ ᠥᠨᠳᠥᠷ ᠪᠠᠶᠢᠳᠠᠭ ᠃ ᠨᠢᠭᠡ ᠺᠢᠯᠣᠭ᠍ᠷᠠᠮ ᠢᠮᠠᠭᠠᠨ ᠤ ᠰᠦ ᠨᠢ ᠦᠬᠡᠷ ᠤᠨ ᠰᠦᠨ ᠠᠴᠠ 210 | ᠢᠯᠡᠭᠦᠦ ᠢᠯᠴᠢᠯᠢᠭ ᠠᠭᠤᠯᠳᠠᠭ ᠃ | ᠥᠭᠡᠬᠦ ᠲᠣᠰᠣ ᠄ | ᠢᠮᠠᠭᠠᠨ ᠤ ᠰᠦᠨ ᠤ ᠥᠭᠡᠬᠦ ᠲᠣᠰᠣᠨ ᠤ ᠠᠭᠤᠯᠤᠮᠵᠢ ᠨᠢ 3.6%-4.5% ᠪᠠᠶᠢᠳᠠᠭ ᠃ ᠥᠭᠡᠬᠦ | ᠲᠣᠰᠣᠨ ᠤ ᠮᠣᠯᠧᠺᠦ᠋ᠯ ᠤᠨ ᠬᠡᠮᠵᠢᠶ᠎ᠡ ᠨᠢ 2 ᠮᠢᠺᠷᠣᠨ ᠣᠷᠴᠢᠮ ᠪᠥᠭᠡᠳ ᠡᠨᠡ ᠨᠢ ᠦᠬᠡᠷ ᠤᠨ ᠰᠦᠨ ᠤ ᠠᠴᠠ ᠪᠠᠭ᠎ᠠ | ᠬᠡᠮᠵᠢᠶ᠎ᠡ ᠲᠠᠢ ᠶᠤᠮ ᠃ ᠢᠮᠠᠭᠠᠨ ᠤ ᠰᠦ ᠪᠣᠭᠤᠨᠢ ᠭᠢᠨᠵᠢᠨ ᠲᠣᠰᠣᠨ ᠤ ᠬᠦᠴᠢᠯ ᠤᠳ ᠢᠶᠠᠷ ᠪᠠᠶᠠᠯᠢᠭ ᠪᠥᠭᠡᠳ ᠪᠦᠬᠦ | ᠥᠭᠡᠬᠦ ᠲᠣᠰᠣᠨ ᠤ 25% ᠢ ᠳᠡᠭᠡᠳᠦ ᠵᠡᠷᠭᠡ ᠶᠢᠨ ᠳᠡᠭᠳᠡᠮᠡᠬᠡᠶ ᠲᠣᠰᠣᠨ ᠤ ᠬᠦᠴᠢᠯ ᠤᠳ ᠡᠵᠡᠯᠡᠳᠡᠭ ᠪᠣᠯ | ᠦᠬᠡᠷ ᠤᠨ ᠰᠦᠨ ᠳᠤ ᠡᠨᠡ ᠦᠵᠡᠭᠦᠯᠦᠯᠲᠡ 10% ᠠᠴᠠ ᠪᠠᠭ᠎ᠠ ᠪᠠᠶᠢᠳᠠᠭ ᠃ | ᠤᠭᠤᠷᠠᠭ ᠄ | ᠢᠮᠠᠭᠠᠨ ᠤ ᠰᠦᠨ ᠤ ᠤᠭᠤᠷᠠᠭ ᠨᠢ ᠭᠤᠣᠯᠴᠢᠯᠠᠨ ᠺᠠᠽᠧᠶ᠋ᠢᠨ ᠪᠣᠯᠣᠨ ᠰᠢᠷ᠎ᠠ ᠰᠦᠨ ᠤ ᠤᠭᠤᠷᠠᠭ | ᠠᠭᠤᠯᠳᠠᠭ ᠃ ᠢᠮᠠᠭᠠᠨ ᠤ ᠰᠦ ᠂ ᠦᠬᠡᠷ ᠤᠨ ᠰᠦ ᠂ ᠬᠥᠮᠥᠨ ᠤ ᠰᠦ ᠳᠠᠬᠢ ᠺᠠᠽᠧᠶ᠋ᠢᠨ ᠪᠠ ᠰᠢᠷ᠎ᠠ ᠰᠦᠨ ᠤ | ᠤᠭᠤᠷᠠᠭ ᠤᠨ ᠬᠠᠷᠢᠴᠠᠭ᠎ᠠ ᠄ | ᠢᠮᠠᠭᠠᠨ ᠤ ᠰᠦᠨ ᠳᠤ 75:25 | ᠦᠬᠡᠷ ᠤᠨ ᠰᠦᠨ ᠳᠤ 85:15 | ᠬᠥᠮᠥᠨ ᠤ ᠰᠦᠨ ᠳᠤ 60:40 ᠪᠠᠶᠢᠨ᠎ᠠ ᠃ | ᠢᠮᠠᠭᠠᠨ ᠤ ᠰᠦ ᠨᠢ ᠦᠬᠡᠷ ᠤᠨ ᠰᠦᠨ ᠠᠴᠠ ᠢᠯᠡᠭᠦᠦ ᠬᠢᠯᠪᠠᠷ ᠰᠢᠩᠭᠡᠳᠡᠭ ᠃ | ᠡᠷᠦᠳᠡᠰᠦ ᠪᠣᠳᠠᠰ ᠄ | ᠢᠮᠠᠭᠠᠨ ᠤ ᠰᠦᠨ ᠳᠤ ᠠᠭᠤᠯᠤᠭᠳᠠᠬᠤ ᠡᠷᠦᠳᠡᠰᠦ ᠪᠣᠳᠠᠰ ᠤᠨ ᠨᠡᠶᠢᠲᠡ ᠬᠡᠮᠵᠢᠶ᠎ᠡ 0.86% ᠪᠥᠭᠡᠳ | ᠦᠬᠡᠷ ᠤᠨ ᠰᠦᠨ ᠠᠴᠠ 0.14% — ᠪᠠᠷ ᠢᠯᠡᠭᠦᠦ ᠃ ᠲᠡᠭᠦᠨᠴᠢᠯᠡᠨ ᠺᠠᠯᠼ ᠂ ᠹᠣᠰᠹᠣᠷ ᠂ ᠺᠠᠯᠢ ᠂ ᠮᠠᠭᠨᠢ ᠂ | ᠾᠯᠣᠷ ᠂ ᠮᠠᠩᠭᠠᠨ ᠵᠡᠷᠭᠡ ᠡᠷᠦᠳᠡᠰᠦ ᠪᠣᠳᠠᠰ ᠢᠶᠠᠷ ᠪᠠᠶᠠᠯᠢᠭ ᠃ | ᠡᠷᠡᠭᠦᠯ ᠮᠡᠨᠳᠦ ᠶᠢᠨ ᠠᠴᠢ ᠲᠤᠰᠠ ᠄ | ᠢᠮᠠᠭᠠᠨ ᠤ ᠰᠦ ᠨᠢ ᠠᠮᠲᠠᠯᠢᠭ ᠂ ᠳᠤᠯᠠᠭᠠᠨ ᠴᠢᠨᠠᠷᠲᠠᠢ ᠪᠥᠭᠡᠳ ᠡᠯᠢᠭᠡ ᠂ ᠬᠤᠳᠣᠭᠤᠳᠣ ᠂ ᠵᠢᠷᠦᠬᠡ ᠂ | ᠪᠥᠭᠡᠷᠡᠨ ᠤ ᠦᠢᠯᠡ ᠠᠵᠢᠯᠯᠠᠭ᠎ᠠ ᠶᠢ ᠳᠡᠮᠵᠢᠬᠦ ᠦᠢᠯᠡᠴᠢᠯᠡᠭᠡ ᠲᠠᠢ ᠃ | ᠢᠮᠠᠭᠠᠨ ᠤ ᠰᠦ ᠨᠢ ᠬᠤᠳᠣᠭᠤᠳᠤᠨ ᠤ ᠰᠢᠷᠬ᠎ᠠ ᠂ ᠠᠮᠢᠰᠬᠤᠯ ᠤᠨ ᠵᠠᠮ ᠤᠨ ᠦᠷᠪᠢᠰᠦᠯ ᠵᠡᠷᠭᠡ | ᠡᠪᠡᠳᠴᠢᠨ ᠢ ᠠᠨᠠᠭᠠᠬᠤ ᠳᠤ ᠠᠰᠢᠭ ᠲᠠᠢ ᠃ | ᠳᠠᠷᠬᠠᠯᠠᠭ᠎ᠠ ᠳᠡᠮᠵᠢᠬᠦ ᠄ | ᠢᠮᠠᠭᠠᠨ ᠤ ᠰᠦᠨ ᠳᠤ ᠠᠭᠤᠯᠤᠭᠳᠠᠬᠤ ᠡᠰ ᠤᠨ ᠥᠰᠦᠯᠲᠡ ᠶᠢᠨ ᠬᠦᠴᠦᠨ ᠵᠦᠢᠯ ᠨᠢ ᠪᠡᠶ᠎ᠡ ᠳᠤ | ᠬᠠᠯᠳᠠᠪᠤᠷᠢ ᠡᠰᠡᠷᠭᠦᠴᠡᠬᠦ ᠴᠢᠳᠠᠪᠤᠷᠢ ᠶᠢ ᠨᠡᠮᠡᠭᠳᠡᠭᠦᠯᠳᠡᠭ ᠃ | ᠵᠠᠬ᠎ᠠ ᠵᠡᠭᠡᠯᠢ ᠪᠠ ᠢᠷᠡᠭᠡᠳᠦᠢ | ᠢᠮᠠᠭᠠᠨ ᠤ ᠰᠦ ᠨᠢ ᠳᠡᠯᠡᠬᠡᠢ ᠶᠢᠨ ᠬᠡᠮᠵᠢᠶᠡᠨ ᠳᠤ ᠡᠷᠢᠯᠲᠡ ᠶᠡᠬᠡᠲᠡᠢ ᠪᠦᠲᠦᠭᠡᠭᠳᠡᠬᠦᠨ ᠪᠣᠯᠵᠤ ᠂ ᠵᠠᠬ᠎ᠠ | ᠵᠡᠭᠡᠯᠢ ᠳᠡᠭᠡᠷ᠎ᠡ ᠥᠨᠳᠥᠷ ᠪᠠᠶᠢᠷᠢ ᠰᠠᠭᠤᠷᠢ ᠡᠵᠡᠯᠡᠵᠦ ᠪᠠᠶᠢᠨ᠎ᠠ ᠃ ᠲᠧᠭᠨᠣᠯᠣᠭᠢ ᠶᠢᠨ ᠬᠥᠭᠵᠢᠯ ᠢ ᠠᠰᠢᠭᠯᠠᠨ | ᠢᠮᠠᠭᠠᠨ ᠤ ᠰᠦ ᠶᠢ ᠳᠠᠬᠢᠨ ᠪᠣᠯᠪᠠᠰᠤᠷᠠᠭᠤᠯᠵᠤ ᠂ ᠦᠨᠦᠷ ᠢ ᠨᠢ ᠳᠠᠷᠤᠭᠰᠠᠨ ᠢᠶᠠᠷ ᠣᠯᠠᠨ ᠬᠡᠷᠡᠭᠯᠡᠭᠴᠢᠳ ᠲᠤ ᠬᠦᠷᠬᠦ | ᠪᠣᠯᠣᠮᠵᠢ ᠲᠠᠢ ᠪᠣᠯᠵᠠᠢ ᠃ ᠡᠸᠦ᠋ᠷᠦᠫᠡ ᠶᠢᠨ ᠣᠷᠣᠨ ᠨᠤᠭᠤᠳ ᠲᠤ ᠢᠮᠠᠭᠠᠨ ᠤ ᠰᠦ ᠨᠢ ᠦᠬᠡᠷ ᠤᠨ ᠰᠦᠨ ᠠᠴᠠ | ᠬᠠᠪᠢ ᠦᠭᠡᠢ ᠢᠯᠡᠭᠦᠦ ᠠᠰᠢᠭᠯᠠᠭᠳᠠᠳᠠᠭ ᠪᠥᠭᠡᠳ ᠡᠷᠡᠭᠦᠯ ᠮᠡᠨᠳᠦ ᠶᠢᠨ ᠥᠨᠳᠥᠷ ᠠᠴᠢ ᠬᠤᠯᠪᠣᠭᠳᠠᠯ ᠲᠠᠢ | ᠪᠦᠲᠦᠭᠡᠭᠳᠡᠬᠦᠨ ᠪᠣᠯᠵᠤ ᠬᠥᠭᠵᠢᠵᠦ ᠪᠠᠶᠢᠨ᠎ᠠ ᠃ | |