| ᠡᠬᠢ ᠰᠤᠷᠪᠤᠯᠵᠢ ᠄ ᠰᠢᠨᠬᠤᠸᠠ ᠰᠦᠯᠵᠢᠶ᠎ᠡ | ᠬᠤᠨᠢᠨ ᠤ ᠮᠢᠬ᠎ᠠ ᠨᠢ ᠮᠠᠨ ᠤ ᠤᠯᠤᠰ ᠤᠨ ᠠᠷᠠᠳ ᠲᠦᠮᠡᠨ ᠤ ᠡᠳᠦᠷ ᠤᠨ ᠬᠤᠭᠤᠯᠠ ᠬᠦᠨᠡᠰᠦᠨ ᠤ ᠨᠢᠭᠡ | ᠪᠥᠭᠡᠳ ᠡᠨᠡ ᠨᠢ ᠵᠥᠪᠬᠡᠨ ᠡᠪᠡᠰᠦᠨ ᠲᠡᠵᠢᠭᠡᠯᠲᠦ ᠠᠮᠢᠲᠠᠨ ᠠᠴᠠ ᠭᠠᠷᠳᠠᠭ ᠲᠤᠯᠠ ᠮᠢᠬ᠎ᠠ ᠨᠢ ᠨᠠᠷᠢᠨ ᠰᠢᠷᠬᠡᠭ ᠲᠠᠢ ᠂ | ᠦᠬᠡᠷ ᠪᠣᠯᠣᠨ ᠭᠠᠭ᠋ᠠᠢ ᠶᠢᠨ ᠮᠢᠬ᠎ᠠ ᠠᠴᠠ ᠥᠭᠡᠬᠦ ᠲᠣᠰᠣ ᠪᠠᠭ᠎ᠠ ᠲᠠᠢ ᠂ ᠺᠠᠯᠼ ᠂ ᠲᠡᠮᠦᠷ ᠤᠨ ᠠᠭᠤᠯᠤᠮᠵᠢ ᠥᠨᠳᠥᠷ ᠂ | ᠴᠢᠨᠠᠷᠲᠠᠢ ᠤᠭᠤᠷᠠᠭ ᠤᠨ ᠡᠬᠢ ᠡᠭᠦᠰᠪᠦᠷᠢ ᠶᠤᠮ ᠃ ᠮᠦᠨ ᠬᠤᠨᠢᠨ ᠤ ᠮᠢᠬ᠎ᠠ ᠨᠢ ᠥᠨᠳᠥᠷ ᠢᠯᠴᠢᠯᠢᠭ ᠲᠠᠢ ᠂ | ᠠᠮᠲᠠᠲᠠᠢ ᠪᠥᠭᠡᠳ ᠬᠦᠢᠲᠡᠨ ᠤ ᠤᠯᠠᠷᠢᠯ ᠳᠤ ᠪᠡᠶ᠎ᠡ ᠳᠤᠯᠠᠭᠠᠴᠠᠭᠤᠯᠵᠤ ᠂ ᠲᠠᠮᠢᠷ ᠲᠡᠩᠬᠡᠭᠡ ᠣᠷᠣᠭᠤᠯᠬᠤ ᠲᠡᠭᠦᠰ | ᠬᠦᠨᠡᠰᠦ ᠭᠡᠵᠦ ᠲᠣᠭᠠᠴᠠᠭᠳᠠᠳᠠᠭ ᠃ | ᠡᠮᠴᠢᠯᠡᠭᠡᠨ ᠤ ᠬᠤᠭᠤᠯᠠᠨ ᠤ ᠵᠣᠷ ᠤᠳ | 1. ᠴᠠᠭᠠᠨ ᠯᠤᠤᠪᠠᠩ ᠲᠠᠢ ᠬᠤᠨᠢᠨ ᠤ ᠮᠢᠬᠠᠨ ᠱᠥᠯᠥ | ᠠᠴᠢ ᠲᠤᠰᠠ ᠄ ᠴᠠᠭᠠᠨ ᠯᠤᠤᠪᠠᠩ ᠲᠠᠢ ᠬᠤᠨᠢᠨ ᠤ ᠮᠢᠬᠠᠨ ᠱᠥᠯᠥ ᠨᠢ ᠴᠢᠰᠤ ᠲᠥᠯᠥᠵᠢᠭᠦᠯᠵᠦ ᠂ ᠡᠯᠢᠭᠡᠨ ᠤ | ᠦᠢᠯᠡ ᠠᠵᠢᠯᠯᠠᠭ᠎ᠠ ᠶᠢ ᠳᠡᠮᠵᠢᠵᠦ ᠂ ᠬᠠᠷᠠᠭᠠᠨ ᠳᠤ ᠰᠠᠶᠢᠨ ᠃ | ᠣᠷᠣᠴᠠ ᠄ | ᠴᠠᠭᠠᠨ ᠯᠤᠤᠪᠠᠩ 250 ᠭᠷᠡᠮ | ᠬᠤᠨᠢᠨ ᠤ ᠬᠠᠪᠢᠷᠭ᠎ᠠ ᠮᠢᠬ᠎ᠠ 400 ᠭᠷᠡᠮ | ᠬᠠᠷᠮᠠᠭ ᠂ ᠭᠠ 20 ᠭᠷᠡᠮ ᠲᠤᠰ ᠪᠦᠷᠢ | ᠮᠥᠰᠥᠨ ᠰᠢᠬᠢᠷ᠂ ᠰᠢᠷ᠎ᠠ ᠳᠡᠷᠡᠰᠦ ᠲᠤᠰ ᠪᠦᠷᠢ 1 ᠴᠠᠢ ᠶᠢᠨ ᠬᠠᠯᠪᠠᠭ᠎ᠠ | ᠰᠢᠨᠡᠬᠡᠨ ᠴᠠᠭᠠᠨ ᠭᠠ 4 ᠵᠢᠰᠦᠮ | ᠬᠢᠬᠦ ᠠᠷᠭ᠎ᠠ ᠄ | ᠴᠠᠭᠠᠨ ᠯᠤᠤᠪᠠᠩ ᠤᠨ ᠬᠠᠯᠢᠰᠤ ᠶᠢ ᠠᠪᠴᠤ ᠂ ᠤᠬᠢᠶᠠᠵᠤ ᠂ ᠬᠡᠷᠴᠢᠨ᠎ᠡ ᠃ | ᠬᠤᠨᠢᠨ ᠤ ᠮᠢᠬ᠎ᠠ ᠶᠢ ᠤᠬᠢᠶᠠᠵᠤ ᠂ ᠵᠢᠵᠢᠭᠯᠡᠨ ᠬᠡᠷᠴᠢᠭᠡᠳ ᠂ ᠭᠠ ᠂ ᠠᠷᠢᠬᠢ ᠲᠠᠢ ᠪᠤᠴᠠᠯᠵᠤ ᠪᠤᠢ | ᠤᠰᠤᠨ ᠳᠤ ᠬᠢᠵᠦ ᠭᠦᠶᠦᠯᠭᠡᠨ᠎ᠡ ᠃ | ᠳᠠᠷᠠᠭ᠎ᠠ ᠨᠢ ᠮᠢᠬ᠎ᠠ ᠶᠢ ᠳᠠᠬᠢᠨ ᠤᠬᠢᠶᠠᠵᠤ ᠂ ᠪᠤᠰᠤᠳ ᠣᠷᠣᠴᠠ ᠲᠠᠢ ᠬᠤᠯᠢᠵᠤ 1000 ᠮᠢᠯᠯᠢᠯᠢᠲᠷ ︵ | ᠣᠶᠢᠷᠠᠯᠴᠠᠭ᠎ᠠ ᠪᠠᠷ 4 ᠠᠶᠠᠭ᠎ᠠ ︶ ᠬᠠᠯᠠᠭᠤᠨ ᠤᠰᠤ ᠪᠠᠷ ᠳᠦᠭᠦᠷᠭᠡᠭᠰᠡᠨ ᠰᠠᠪᠠᠨ ᠳᠤ ᠬᠢᠨ᠎ᠡ ᠃ | ᠪᠢᠲᠡᠭᠦᠦ ᠰᠠᠪᠠᠨ ᠳᠤ ᠬᠢᠵᠦ 2 ᠴᠠᠭ ᠣᠷᠴᠢᠮ ᠠᠭᠤᠷᠰᠢᠭᠤᠯᠵᠤ ᠂ ᠱᠥᠯᠥᠨ ᠳᠤ ᠳᠠᠪᠤᠰᠤ ᠨᠡᠮᠡᠵᠦ | ᠠᠮᠲᠠᠯᠠᠨ᠎ᠠ ᠃ | 2. ᠳᠠᠯᠠᠢ ᠶᠢᠨ ᠮᠣᠷᠢᠨ ᠤ ᠤᠯᠠᠭᠠᠨ ᠵᠢᠮᠢᠰᠲᠡᠶ ᠬᠤᠨᠢᠨ ᠤ ᠱᠥᠯᠥ | ᠠᠴᠢ ᠲᠤᠰᠠ ᠄ ᠪᠥᠭᠡᠷ᠎ᠡ ᠂ ᠴᠢᠰᠤ ᠲᠥᠯᠵᠢᠭᠦᠯᠬᠦ ᠦᠢᠯᠡᠴᠢᠯᠡᠭᠡ ᠲᠠᠢ ᠪᠥᠭᠡᠳ ᠬᠠᠪᠤᠷ ᠡᠪᠦᠯ ᠤᠨ | ᠬᠦᠢᠲᠡᠨ ᠳᠤ ᠡᠷᠡᠭᠦᠯ ᠮᠡᠨᠳᠦ ᠪᠠᠨ ᠬᠠᠮᠠᠭᠠᠯᠠᠬᠤ ᠳᠤ ᠲᠣᠬᠢᠷᠠᠮᠵᠢᠲᠠᠢ ᠃ | ᠣᠷᠣᠴᠠ ᠄ | ᠠᠷᠠᠮᠠᠨᠠ 1 ᠬᠤᠣᠰ | ᠴᠢᠪᠠᠭ᠎ᠠ 6 ᠰᠢᠷᠬᠡᠭ | ᠬᠤᠨᠢᠨ ᠤ ᠮᠢᠬ᠎ᠠ 250 ᠭᠷᠡᠮ | ᠰᠢᠨᠡᠬᠡᠨ ᠴᠠᠭᠠᠨ ᠭᠠ 3 ᠵᠢᠰᠦᠮ | ᠬᠢᠬᠦ ᠠᠷᠭ᠎ᠠ ᠄ | ᠠᠷᠠᠮᠠᠨᠠ ᠶᠢ ᠠᠷᠢᠬᠢᠨ ᠳᠤ ᠤᠬᠢᠶᠠᠵᠤ ᠂ ᠬᠤᠨᠢᠨ ᠤ ᠮᠢᠬ᠎ᠠ ᠶᠢ ᠵᠢᠵᠢᠭᠯᠡᠵᠦ ᠬᠡᠷᠴᠢᠭᠡᠳ ᠂ ᠭᠠ ᠂ | ᠠᠷᠢᠬᠢ ᠲᠠᠢ ᠪᠤᠴᠠᠯᠵᠤ ᠪᠤᠢ ᠤᠰᠤᠨ ᠳᠤ ᠬᠢᠵᠦ ᠭᠦᠶᠦᠯᠭᠡᠨ᠎ᠡ ᠃ | ᠴᠢᠪᠠᠭ᠎ᠠ ᠶᠢᠨ ᠡᠳ᠋ ᠢ ᠠᠪᠴᠤ ᠂ ᠮᠢᠬ᠎ᠠ ᠲᠠᠢ ᠬᠤᠯᠢᠵᠤ ᠪᠢᠲᠡᠭᠦᠦ ᠰᠠᠪᠠᠨ ᠳᠤ ᠬᠢᠨ᠎ᠡ ᠃ | 500-750 ᠮᠢᠯᠯᠢᠯᠢᠲᠷ ᠬᠠᠯᠠᠭᠤᠨ ᠤᠰᠤ ᠨᠡᠮᠡᠵᠦ ᠂ 3 ᠴᠠᠭ ᠠᠭᠤᠷᠰᠢᠭᠤᠯᠵᠤ ᠂ ᠱᠥᠯᠥᠨ ᠳᠤ ᠳᠠᠪᠤᠰᠤ | ᠨᠡᠮᠡᠵᠦ ᠠᠮᠲᠠᠯᠠᠨ᠎ᠠ ᠃ | 3. ᠳᠠᠰᠢᠭᠤᠨ ᠲᠥᠮᠥᠰᠥ ᠬᠤᠨᠢᠨ ᠤ ᠬᠤᠳᠣᠭᠤᠳᠤᠨ ᠤ ᠱᠥᠯᠥ | ᠠᠴᠢ ᠲᠤᠰᠠ ᠄ ᠬᠤᠳᠣᠭᠤᠳᠣ ᠭᠡᠳᠡᠰᠦᠨ ᠤ ᠦᠢᠯᠡ ᠠᠵᠢᠯᠯᠠᠭ᠎ᠠ ᠶᠢ ᠳᠡᠮᠵᠢᠵᠦ ᠂ ᠰᠢᠬᠢᠷ ᠤᠨ ᠰᠢᠵᠢᠩ | ᠪᠣᠯᠣᠨ ᠣᠯᠠᠨ ᠰᠢᠭᠡᠬᠦ ᠡᠪᠡᠳᠴᠢᠨ ᠢ ᠠᠨᠠᠭᠠᠬᠤ ᠳᠤ ᠠᠰᠢᠭᠯᠠᠳᠠᠭ ᠃ | ᠣᠷᠣᠴᠠ ᠄ | ᠳᠠᠰᠢᠭᠤᠨ ᠲᠥᠮᠥᠰᠥ 150 ᠭᠷᠡᠮ | ᠬᠤᠨᠢᠨ ᠤ ᠬᠤᠳᠣᠭᠤᠳᠣ 300 ᠭᠷᠡᠮ | ᠰᠢᠨᠡᠬᠡᠨ ᠴᠠᠭᠠᠨ ᠭᠠ 4 ᠵᠢᠰᠦᠮ | ᠰᠢᠷ᠎ᠠ ᠠᠷᠢᠬᠢ ᠪᠠᠭ᠎ᠠ ᠵᠡᠷᠭᠡ | ᠬᠢᠬᠦ ᠠᠷᠭ᠎ᠠ ᠄ | ᠳᠠᠰᠢᠭᠤᠨ ᠲᠥᠮᠥᠰᠥ ᠶᠢ ᠤᠬᠢᠶᠠᠵᠤ ᠂ ᠵᠢᠵᠢᠭᠯᠡᠨ ᠬᠡᠷᠴᠢᠨ᠎ᠡ ᠃ | ᠬᠤᠨᠢᠨ ᠤ ᠬᠤᠳᠣᠭᠤᠳᠤ ᠶᠢ ᠳᠠᠪᠤᠰᠤ ᠲᠠᠢ ᠦᠷᠦᠵᠦ ᠤᠬᠢᠶᠠᠵᠤ ᠴᠡᠪᠡᠷᠯᠡᠭᠡᠳ ᠂ ᠳᠠᠬᠢᠨ ᠤᠬᠢᠶᠠᠵᠤ | ᠵᠢᠵᠢᠭᠯᠡᠨᠡ ᠃ | ᠪᠦᠬᠦ ᠣᠷᠣᠴᠠ ᠶᠢ ᠬᠤᠯᠢᠨ 1000 ᠮᠢᠯᠯᠢᠯᠢᠲᠷ ᠬᠠᠯᠠᠭᠤᠨ ᠤᠰᠤ ᠨᠡᠮᠡᠭᠡᠳ ᠂ 3 ᠴᠠᠭ ᠪᠤᠴᠠᠯᠭᠠᠵᠤ | ᠪᠡᠯᠡᠳᠬᠡᠨ᠎ᠡ ᠃ | 4. ᠪᠡᠷᠰᠡᠭᠦᠲᠦ ᠵᠦᠷᠵᠢ ᠲᠠᠢ ᠬᠤᠨᠢᠨ ᠤ ᠲᠠᠷᠢᠬᠢᠨ ᠤ ᠱᠥᠯᠥ | ᠠᠴᠢ ᠲᠤᠰᠠ ᠄ ᠡᠯᠢᠭᠡ ᠂ ᠪᠥᠭᠡᠷ᠎ᠡ ᠶᠢ ᠲᠡᠳᠬᠦᠵᠦ ᠂ ᠲᠣᠯᠣᠭᠠᠢ ᠡᠪᠡᠳᠬᠦ ᠂ ᠲᠣᠯᠣᠭᠠᠢ ᠡᠷᠭᠢᠬᠦ ᠵᠡᠷᠭᠡ ᠳᠤ | ᠲᠤᠰᠠᠲᠠᠢ ᠃ | ᠣᠷᠣᠴᠠ ᠄ | ᠪᠡᠷᠰᠡᠭᠦᠲᠦ ᠵᠦᠷᠵᠢ 20 ᠭᠷᠡᠮ | ᠬᠤᠨᠢᠨ ᠤ ᠲᠠᠷᠢᠬᠢ 1 ᠰᠢᠷᠬᠡᠭ | ᠰᠢᠨᠡᠬᠡᠨ ᠴᠠᠭᠠᠨ ᠭᠠ 3 ᠵᠢᠰᠦᠮ | ᠬᠢᠬᠦ ᠠᠷᠭ᠎ᠠ ᠄ | ᠪᠡᠷᠰᠡᠭᠦᠲᠦ ᠵᠦᠷᠵᠢ ᠶᠢ ᠤᠬᠢᠶᠠᠵᠤ ᠂ ᠬᠤᠨᠢᠨ ᠤ ᠲᠠᠷᠢᠬᠢ ᠶᠢ ᠤᠬᠢᠶᠠᠵᠤ ᠂ ᠭᠠ ᠂ ᠠᠷᠢᠬᠢ ᠲᠠᠢ ᠤᠰᠤᠨ ᠳᠤ | ᠭᠦᠶᠦᠯᠭᠡᠨ᠎ᠡ ᠃ | ᠪᠦᠬᠦ ᠣᠷᠣᠴᠠ ᠶᠢ ᠬᠤᠯᠢᠨ 500 ᠮᠢᠯᠯᠢᠯᠢᠲᠷ ᠬᠠᠯᠠᠭᠤᠨ ᠤᠰᠤ ᠨᠡᠮᠡᠭᠡᠳ ᠂ 2.5 ᠴᠠᠭ ᠪᠤᠴᠠᠯᠭᠠᠵᠤ | ᠪᠡᠯᠡᠳᠬᠡᠨ᠎ᠡ ᠃ | 5. ᠯᠢᠩᠬᠤ᠎ᠠ ᠪᠠ ᠴᠠᠰᠤᠨ ᠰᠢᠬᠢᠷ ᠲᠠᠢ ᠬᠤᠨᠢᠨ ᠤ ᠱᠥᠯᠥ | ᠠᠴᠢ ᠲᠤᠰᠠ ᠄ ᠴᠢᠰᠤ ᠲᠥᠯᠥᠵᠢᠭᠦᠯᠵᠦ ᠂ ᠪᠡᠶ᠎ᠡ ᠶᠢᠨ ᠲᠠᠮᠢᠷ ᠲᠡᠩᠬᠡᠭᠡ ᠶᠢ ᠰᠡᠷᠭᠦᠭᠡᠬᠦ ᠳᠤ ᠲᠣᠬᠢᠷᠠᠮᠵᠢᠲᠠᠢ ᠂ | ᠱᠥᠯᠥ ᠨᠢ ᠠᠮᠲᠠᠲᠠᠢ ᠃ | ᠣᠷᠣᠴᠠ ᠄ | ᠯᠢᠩᠬᠤ᠎ᠠ 500 ᠭᠷᠡᠮ | ᠴᠠᠰᠤᠨ ᠰᠢᠬᠢᠷ 25 ᠭᠷᠡᠮ | ᠬᠤᠨᠢᠨ ᠤ ᠮᠢᠬ᠎ᠠ 500 ᠭᠷᠡᠮ | ᠰᠢᠨᠡᠬᠡᠨ ᠴᠠᠭᠠᠨ ᠭᠠ 3 ᠵᠢᠰᠦᠮ | ᠬᠢᠬᠦ ᠠᠷᠭ᠎ᠠ ᠄ | ᠯᠢᠩᠬᠤ᠎ᠠ ᠶᠢᠨ ᠬᠠᠯᠢᠰᠤ ᠶᠢ ᠬᠤᠰᠤᠵᠤ ᠂ ᠤᠬᠢᠶᠠᠨ᠎ᠠ ᠃ | ᠬᠤᠨᠢᠨ ᠤ ᠮᠢᠬ᠎ᠠ ᠶᠢ ᠵᠢᠵᠢᠭᠯᠡᠵᠦ ᠬᠡᠷᠴᠢᠭᠡᠳ ᠂ ᠭᠠ ᠂ ᠠᠷᠢᠬᠢ ᠲᠠᠢ ᠤᠰᠤᠨ ᠳᠤ ᠭᠦᠶᠦᠯᠭᠡᠨ᠎ᠡ ᠃ | ᠪᠦᠬᠦ ᠣᠷᠣᠴᠠ ᠶᠢ 2500 ᠮᠢᠯᠯᠢᠯᠢᠲᠷ ᠤᠰᠤᠨ ᠳᠤ ᠬᠢᠵᠦ ᠂ 2 ᠴᠠᠭ ᠪᠤᠴᠠᠯᠭᠠᠵᠤ ᠪᠡᠯᠡᠳᠬᠡᠨ᠎ᠡ ᠃ | ᠠᠩᠬᠠᠷᠬᠤ ᠵᠦᠢᠯᠡᠰ | ᠨᠣᠭᠤᠭ᠎ᠠ ᠰᠣᠩᠭᠤᠬᠤ ᠄ ᠬᠤᠨᠢᠨ ᠤ ᠮᠢᠬ᠎ᠠ ᠬᠠᠯᠠᠭᠤᠨ ᠴᠢᠨᠠᠷᠲᠠᠢ ᠲᠤᠯᠠ ᠬᠦᠢᠲᠡᠨ ᠴᠢᠨᠠᠷᠲᠠᠢ ᠨᠣᠭᠤᠭ᠎ᠠ ︵ | ᠰᠢᠷ᠎ᠠ ᠯᠤᠤᠪᠠᠩ ᠂ ᠪᠤᠤᠴᠠᠢ ᠂ ᠮᠥᠭᠦ ᠵᠡᠷᠭᠡ ︶ ᠬᠤᠯᠢᠵᠤ ᠢᠳᠡᠬᠦ ᠨᠢ ᠵᠦᠢ ᠲᠠᠢ ᠃ | ᠴᠠᠢ ᠤᠤᠭᠤᠬᠤ ᠦᠭᠡᠢ ᠪᠠᠶᠢᠬᠤ ᠄ ᠬᠤᠨᠢᠨ ᠤ ᠮᠢᠬ᠎ᠠ ᠢᠳᠡᠭᠰᠡᠨ ᠤ ᠳᠠᠷᠠᠭ᠎ᠠ ᠴᠠᠢ ᠤᠤᠭᠤᠬᠤ ᠨᠢ | ᠭᠡᠳᠡᠰᠦᠨ ᠤ ᠲᠦᠭᠵᠢᠷᠡᠯ ᠡᠭᠦᠰᠬᠡᠵᠦ ᠪᠣᠯᠵᠣᠰᠢ ᠦᠭᠡᠢ ᠃ | ᠬᠤᠨᠢᠨ ᠤ ᠮᠢᠬ᠎ᠠ ᠂ ᠰᠣᠭᠲᠣᠭᠤᠷᠠᠭᠤᠯᠬᠤ ᠤᠮᠳᠠᠭ᠎ᠠ ᠶᠢ ᠬᠤᠣᠰᠯᠠᠭᠤᠯᠬᠤ ᠦᠭᠡᠢ ᠪᠠᠶᠢᠬᠤ ᠄ ᠬᠡᠲᠡ ᠶᠡᠭᠡ | ᠳᠤᠯᠠᠭᠠᠨ ᠴᠢᠨᠠᠷᠲᠠᠢ ᠪᠣᠯᠵᠤ ᠂ ᠪᠡᠶ᠎ᠡ ᠶᠢᠨ ᠳᠤᠯᠠᠭᠠᠨ ᠢ ᠬᠡᠲᠦ ᠨᠡᠮᠡᠭᠳᠡᠭᠦᠯᠬᠦ ᠡᠷᠡᠰᠳᠡᠯ ᠲᠠᠢ ᠃ | ᠥᠷᠭᠡᠰᠦᠲᠦ ᠬᠡᠮᠬᠡ ᠂ ᠬᠤᠯᠤᠤ ᠵᠡᠷᠭᠡ ᠲᠠᠢ ᠬᠤᠣᠰᠯᠠᠭᠤᠯᠬᠤ ᠦᠭᠡᠢ ᠪᠠᠶᠢᠬᠤ ᠄ ᠡᠳᠡᠭᠡᠷ ᠨᠢ ᠰᠢᠷ᠎ᠠ | ᠡᠪᠡᠳᠴᠢᠨ ᠡᠭᠦᠰᠬᠡᠬᠦ ᠮᠠᠭᠠᠳᠯᠠᠯ ᠲᠠᠢ ᠃ | ᠡᠳᠡᠭᠡᠷ ᠱᠥᠯᠥ ᠂ ᠬᠤᠭᠤᠯᠠ ᠨᠤᠭᠤᠳ ᠨᠢ ᠬᠤᠨᠢᠨ ᠤ ᠮᠢᠬᠠᠨ ᠤ ᠰᠢᠮ᠎ᠡ ᠲᠡᠵᠢᠭᠡᠯ ᠢ ᠪᠦᠷᠢᠨ ᠠᠰᠢᠭᠯᠠᠵᠤ ᠂ | ᠡᠷᠡᠭᠦᠯ ᠮᠡᠨᠳᠦ ᠳᠤ ᠰᠠᠶᠢᠨ ᠢᠶᠠᠷ ᠨᠥᠯᠥᠭᠡᠯᠡᠨ᠎ᠡ ᠃ |