ᠬᠤᠨᠢᠨ ᠤ ᠲᠠᠯ᠎ᠠ ᠪᠠᠷ 7 ᠰᠣᠨᠢᠷᠬᠠᠯᠲᠠᠢ ᠪᠠᠷᠢᠮᠲᠠ
ᠨᠡᠶᠢᠲᠡᠯᠡᠭᠰᠡᠨ ᠴᠠᠭ᠄
2024/11/29
        ᠡᠬᠢ ᠰᠤᠷᠪᠤᠯᠵᠢ ᠄ ᠳᠤᠮᠳᠠᠳᠤ ᠤᠨ ᠮᠠᠯ ᠠᠵᠤ ᠠᠬᠤᠢ ᠶᠢᠨ ᠬᠤᠯᠪᠤᠭ᠎ᠠ       ᠬᠤᠨᠢ ᠨᠢ ᠦᠬᠡᠷ ᠤᠨ ᠣᠪᠣᠭ ᠲᠤ ᠬᠠᠮᠤᠷᠤᠭᠳᠠᠳᠠᠭ       ᠬᠤᠨᠢ ᠨᠢ ᠦᠬᠡᠷ ᠤᠨ ᠣᠪᠣᠭ ᠤᠨ ᠠᠮᠢᠲᠠᠨ ᠶᠤᠮ ᠃ ᠡᠨᠡ ᠣᠪᠣᠭ ᠤᠨ ᠠᠮᠢᠲᠠᠳ ᠤᠨ ᠡᠪᠡᠷ ᠨᠢ ᠬᠥᠨᠳᠡᠢ ᠂ ᠤᠨᠠᠳᠠᠭ ᠦᠭᠡᠢ ᠣᠨᠴᠠᠯᠢᠭ ᠲᠠᠢ ᠃ ᠶᠡᠬᠡᠩᠬᠢ ᠨᠢ ᠰᠦᠷᠦᠭ ᠢᠶᠠᠷ ᠠᠮᠢᠳᠤᠷᠠᠳᠠᠭ ᠪᠠ ᠳᠡᠯᠡᠬᠡᠢ ᠶᠢᠨ ᠶᠠᠩᠵᠤ ᠪᠦᠷᠢ ᠶᠢᠨ ᠪᠦᠰᠡ ᠨᠤᠲᠤᠭ ᠲᠤ ᠲᠠᠷᠬᠠᠭᠰᠠᠨ ᠪᠠᠶᠢᠳᠠᠭ ᠃       ᠬᠤᠨᠢ ᠂ ᠢᠮᠠᠭ᠎ᠠ ᠬᠤᠭᠤᠷᠣᠨᠳᠤ ᠪᠠᠨ ᠦᠷᠡᠵᠢᠬᠦ ᠪᠣᠯᠣᠮᠵᠢ ᠦᠭᠡᠢ       ᠬᠦᠨᠡᠰᠦᠨ ᠤ ᠵᠣᠷᠢᠭᠤᠯᠤᠯᠲᠠ ᠪᠠᠷ ᠠᠰᠢᠭᠯᠠᠳᠠᠭ ᠬᠤᠨᠢ ᠨᠢ ᠶᠡᠬᠡᠪᠴᠢᠯᠡᠨ ᠢᠮᠠᠭ᠎ᠠ ᠂ ᠬᠤᠨᠢ ᠭᠡᠰᠡᠨ ᠬᠤᠶᠠᠷ ᠲᠥᠷᠥᠯ ᠪᠠᠶᠢᠳᠠᠭ ᠃ ᠬᠤᠨᠢ ᠂ ᠢᠮᠠᠭ᠎ᠠ ᠨᠢ ᠢᠵᠢᠯ ᠣᠪᠣᠭ ᠤᠨ ᠪᠣᠯᠪᠠᠴᠤ ᠥᠭᠡᠷ᠎ᠡ ᠲᠥᠷᠥᠯ ᠳᠤ ᠬᠠᠮᠢᠶᠠᠷᠤᠭᠳᠠᠳᠠᠭ ᠲᠤᠯᠠ ᠬᠤᠭᠤᠷᠣᠨᠳᠤ ᠪᠠᠨ ᠦᠷᠡᠵᠢᠬᠦ ᠪᠣᠯᠣᠮᠵᠢ ᠦᠭᠡᠢ ᠃       ᠬᠤᠨᠢᠨ ᠤ ᠨᠢᠳᠦᠨ ᠤ ᠬᠡᠦᠬᠡᠨ ᠬᠠᠷᠠᠭ᠎ᠠ ᠳᠥᠷᠪᠡᠯᠵᠢᠨ       ᠬᠤᠨᠢᠨ ᠤ ᠨᠢᠳᠦᠨ ᠤ ᠬᠡᠦᠬᠡᠨ ᠬᠠᠷᠠᠭ᠎ᠠ ᠳᠥᠷᠪᠡᠯᠵᠢᠨ ᠬᠡᠯᠪᠡᠷᠢ ᠲᠠᠢ ᠪᠠᠶᠢᠳᠠᠭ ᠲᠤᠯᠠ ᠲᠡᠳᠡ 320-340 ᠭᠷᠡᠳᠦ᠋ᠰ ᠤᠨ ᠥᠷᠭᠡᠨ ᠥᠨᠴᠥᠭ ᠢᠶᠠᠷ ᠬᠠᠷᠠᠵᠤ ᠴᠢᠳᠠᠳᠠᠭ ᠃       ᠢᠮᠠᠭ᠎ᠠ ᠨᠢ ᠬᠤᠨᠢ ᠠᠴᠠ ᠢᠯᠡᠭᠦᠦ ᠶᠡᠭᠡ ᠰᠦ ᠲᠠᠢ       ᠢᠮᠠᠭ᠎ᠠ ᠨᠢ ᠰᠦᠨ ᠤ ᠭᠠᠷᠴᠠ ᠶᠢᠨ ᠬᠤᠪᠢ ᠳᠤ ᠬᠤᠨᠢ ᠠᠴᠠ ᠢᠯᠡᠭᠦᠦ ᠪᠠᠶᠢᠳᠠᠭ ᠃ ᠢᠮᠠᠭᠠᠨ ᠤ ᠰᠦ ᠨᠢ ᠤᠭᠤᠷᠠᠭ ᠤᠨ ᠠᠭᠤᠯᠤᠮᠵᠢ ᠪᠣᠯᠣᠨ ᠬᠤᠨᠢᠨ ᠤ ᠰᠦ ᠲᠠᠢ ᠲᠥᠰᠲᠡᠢ ᠪᠥᠭᠡᠳ ᠢᠯᠠᠩᠭᠤᠶ᠎ᠠ ᠬᠢᠯᠪᠠᠷ ᠰᠢᠩᠭᠡᠳᠡᠭ ᠣᠨᠴᠠᠯᠢᠭ ᠲᠠᠢ ᠃       ᠪᠠᠷᠠᠭᠤᠨ ᠤ ᠰᠣᠶᠣᠯ ᠳᠤ ᠬᠤᠨᠢᠨ ᠤ ᠨᠡᠷ᠎ᠡ ᠬᠦᠨᠳᠦ ᠢᠮᠠᠭᠠᠨ ᠠᠴᠠ ᠢᠯᠡᠭᠦᠦ       ᠬᠤᠨᠢ ᠨᠢ ᠨᠣᠮᠣᠬᠠᠨ ᠂ ᠳᠤᠭᠤᠯᠭᠠᠪᠤᠷᠢ ᠲᠠᠢ ᠪᠠᠶᠢᠳᠠᠯ ᠢᠶᠠᠷ ᠳᠦᠷᠰᠦᠯᠡᠭᠳᠡᠳᠡᠭ ᠪᠣᠯ ᠢᠮᠠᠭ᠎ᠠ ᠶᠢ ᠪᠠᠷᠠᠭᠤᠨ ᠤ ᠰᠣᠶᠣᠯ ᠳᠤ ᠲᠠᠭ᠎ᠠ ᠦᠭᠡᠢ ᠪᠠᠶᠢᠳᠠᠯ ᠢᠶᠠᠷ ᠳᠦᠷᠰᠦᠯᠡᠳᠡᠭ ᠃       ᠢᠮᠠᠭ᠎ᠠ ᠢᠯᠡᠭᠦᠦ ᠤᠬᠠᠭᠠᠨ ᠲᠠᠢ ᠂ ᠬᠠᠷᠢᠨ ᠬᠤᠨᠢ ᠲᠡᠨᠡᠭᠳᠡᠭᠦᠦ       ᠬᠤᠨᠢᠨ ᠤ ᠮᠢᠬᠠᠨ ᠤ ᠦᠨᠦᠷ ᠡᠭᠦᠰᠬᠦ ᠰᠢᠯᠲᠠᠭᠠᠨ
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号