ᠯᠤ᠋ ᠰᠢ ᠬᠠᠷ᠎ᠠ ᠲᠣᠯᠤᠭᠠᠶᠢᠲᠤ ᠬᠤᠨᠢᠨ ᠤ ᠰᠢᠨ᠎ᠡ ᠡᠭᠦᠯᠳᠡᠷ ᠪᠤᠢ ᠪᠣᠯᠣᠯ᠎ᠠ
ᠨᠡᠶᠢᠲᠡᠯᠡᠭᠰᠡᠨ ᠴᠠᠭ᠄
2024/11/29
        ᠡᠬᠡ ᠨᠡᠶᠢᠲᠡᠯᠡᠯ ᠤᠨ ᠬᠤᠭᠤᠴᠠᠭ᠎ᠠ ᠄ 2018 ᠣᠨ ᠤ 5 ᠳ᠋ᠤᠭᠠᠷ ᠰᠠᠷ᠎ᠠ ᠶᠢᠨ 6       ᠡᠬᠢ ᠰᠤᠷᠪᠤᠯᠵᠢ ᠄ ︽ᠳᠤᠮᠳᠠᠳᠤ ᠤᠯᠤᠰ ᠤᠨ ᠮᠠᠯ ᠠᠵᠤ ᠠᠬᠤᠢ ᠂ ᠮᠠᠯ ᠡᠮᠨᠡᠯᠭᠡ ᠶᠢᠨ ᠰᠣᠨᠢᠨ ︾       ᠨᠡᠶᠢᠲᠡᠯᠡᠯ ᠪᠢᠴᠢᠭᠰᠡᠨ ᠄ ᠯᠢᠦᠢ ᠪᠢᠨ ᠪᠢᠨ       ᠱᠠᠨᠳᠦ᠋ᠩ ᠮᠤᠵᠢ ᠶᠢᠨ ᠬᠥᠳᠡᠭᠡ ᠠᠵᠤ ᠠᠬᠤᠢ ᠶᠢᠨ ᠰᠢᠨᠵᠢᠯᠡᠬᠦ ᠤᠬᠠᠭᠠᠨ ᠤ ᠠᠺᠠᠳᠧᠮᠢ 18 ᠵᠢᠯ ᠤᠨ ᠰᠤᠳᠤᠯᠭᠠᠨ ᠤ ᠦᠷ᠎ᠡ ᠳ᠋ᠦᠩ ᠳᠤ ᠮᠠᠨ ᠤ ᠤᠯᠤᠰ ᠤᠨ ᠬᠤᠶᠢᠲᠤ ᠬᠡᠰᠡᠭ ᠤᠨ ᠲᠠᠷᠢᠶᠠᠯᠠᠩ ᠤᠨ ᠪᠦᠰᠡ ᠨᠤᠲᠤᠭ ᠲᠤ ᠵᠣᠷᠢᠭᠤᠯᠤᠨ ᠪᠡᠶ᠎ᠡ ᠳᠠᠭᠠᠭᠠᠭᠰᠠᠨ ᠰᠢᠨ᠎ᠡ ᠮᠢᠬᠠᠨ ᠤ ᠡᠭᠦᠯᠳᠡᠷ ᠪᠣᠯᠬᠤ ᠯᠤ᠋ ᠰᠢ ᠬᠠᠷ᠎ᠠ ᠲᠣᠯᠤᠭᠠᠶᠢᠲᠤ ᠬᠤᠨᠢ ᠶᠢ ᠠᠮᠵᠢᠯᠲᠠ ᠲᠠᠢ ᠪᠤᠢ ᠪᠣᠯᠭᠠᠯ᠎ᠠ ᠃       ᠮᠢᠬᠠᠨ ᠤ ᠴᠢᠭᠯᠡᠯ ᠤᠨ ᠡᠭᠦᠯᠳᠡᠷᠯᠢᠭ ᠪᠠᠶᠢᠳᠠᠯ ᠄ ᠪᠡᠷᠬᠡᠰᠢᠶᠡᠯ ᠪᠠ ᠰᠢᠢᠳᠦᠯ       ᠰᠡᠭᠦᠯ ᠤᠨ ᠵᠢᠯ ᠤᠳ ᠲᠤ ᠮᠠᠨ ᠤ ᠤᠯᠤᠰ ᠲᠤ ᠬᠤᠨᠢᠨ ᠤ ᠮᠢᠬᠠᠨ ᠤ ᠡᠷᠢᠯᠲᠡ ᠨᠡᠮᠡᠭᠳᠡᠵᠦ ᠂ ᠲᠡᠭᠦᠨ ᠤ ᠦᠢᠯᠡᠳᠪᠦᠷᠢᠯᠡᠯ ᠬᠤᠷᠳᠤ ᠲᠠᠢ ᠥᠰᠦᠭᠰᠡᠨ ᠃ 2017 ᠣᠨ ᠳᠤ ᠮᠠᠨ ᠤ ᠤᠯᠤᠰ ᠤᠨ ᠬᠤᠨᠢᠨ ᠤ ᠮᠢᠬᠠᠨ ᠤ ᠦᠢᠯᠡᠳᠪᠦᠷᠢᠯᠡᠯ 468 ᠲᠦᠮᠡᠨ ᠲᠣᠨ ᠳᠤ ᠬᠦᠷᠦᠭᠰᠡᠨ ᠨᠢ ᠳᠡᠯᠡᠬᠡᠢ ᠶᠢᠨ ᠬᠠᠮᠤᠭ ᠤᠨ ᠶᠡᠭᠡ ᠮᠢᠬᠠᠨ ᠤ ᠦᠢᠯᠡᠳᠪᠦᠷᠢᠯᠡᠯ ᠲᠠᠢ ᠤᠯᠤᠰ ᠪᠣᠯᠵᠠᠢ ᠃ ᠭᠡᠰᠡᠨ ᠬᠡᠳᠦᠢ ᠴᠤ ᠂ ᠡᠨᠡ ᠥᠰᠦᠯᠲᠡ ᠶᠢ ᠬᠠᠩᠭᠠᠬᠤ ᠶᠢᠨ ᠲᠤᠯᠠᠳᠠ ᠮᠢᠬᠠᠨ ᠤ ᠡᠭᠦᠯᠳᠡᠷᠯᠢᠭ ᠪᠠᠶᠢᠳᠠᠯ ᠲᠣᠮᠣᠬᠠᠨ ᠰᠠᠭᠠᠳ ᠪᠣᠯᠵᠤ ᠪᠠᠶᠢᠨ᠎ᠠ ᠄        ᠳᠣᠲᠣᠭᠠᠳᠤ ᠶᠢᠨ ᠰᠠᠶᠢᠨ ᠴᠢᠨᠠᠷ ᠤᠨ ᠡᠭᠦᠯᠳᠡᠷ ᠬᠤᠪᠣᠷ ᠃       ᠶᠡᠬᠡᠩᠬᠢ ᠡᠭᠦᠯᠳᠡᠷ ᠨᠢ ᠭᠠᠳᠠᠨ᠎ᠠ ᠶᠢᠨ ᠤᠯᠤᠰ ᠠᠴᠠ ᠣᠷᠣᠭᠤᠯᠳᠠᠭ ᠃       ᠳᠣᠲᠣᠭᠠᠳᠤ ᠶᠢᠨ ᠡᠭᠦᠯᠳᠡᠷ ᠨᠢ ᠦᠷᠡᠵᠢᠯ ᠤᠨ ᠪᠣᠯᠣᠨ ᠮᠢᠬᠠᠨ ᠤ ᠭᠠᠷᠴᠠ ᠶᠢᠨ ᠬᠤᠪᠢ ᠳᠤ ᠥᠷᠢᠰᠦᠯᠳᠦᠬᠦ ᠴᠢᠳᠠᠪᠤᠷᠢ ᠦᠭᠡᠢ ᠪᠠᠶᠢᠨ᠎ᠠ ᠃       ᠯᠤ᠋ ᠰᠢ ᠬᠠᠷ᠎ᠠ ᠲᠣᠯᠤᠭᠠᠶᠢᠲᠤ ᠬᠤᠨᠢ ᠶᠢ ᠬᠡᠷᠬᠢᠨ ᠪᠤᠢ ᠪᠣᠯᠭᠠᠭᠰᠠᠨ ᠪᠤᠢ ︖       ᠱᠠᠨᠳᠦ᠋ᠩ ᠮᠤᠵᠢ ᠶᠢᠨ ᠰᠤᠳᠤᠯᠤᠭᠠᠴᠢᠳ 2001 ᠣᠨ ᠠᠴᠠ ᠡᠬᠢᠯᠡᠨ ᠡᠨᠡ ᠬᠦ ᠡᠭᠦᠯᠳᠡᠷ ᠢ ᠪᠤᠢ ᠪᠣᠯᠭᠠᠬᠤ ᠠᠵᠢᠯ ᠢ ᠡᠬᠢᠯᠡᠭᠦᠯᠦᠭᠰᠡᠨ ᠪᠥᠭᠡᠳ ᠳᠠᠷᠠᠭᠠᠬᠢ ᠦᠶ᠎ᠡ ᠱᠠᠲᠤ ᠨᠤᠭᠤᠳ ᠢ ᠬᠡᠷᠡᠭᠵᠢᠭᠦᠯᠦᠭᠰᠡᠨ ᠄        2001-2005 ᠄ ᠡᠭᠦᠯᠳᠡᠷ ᠢ ᠰᠣᠩᠭᠤᠵᠤ ᠂ 600,000 ᠭᠠᠷᠤᠢ ᠬᠤᠨᠢ ᠶᠢ ᠲᠤᠷᠰᠢᠯᠲᠠ ᠳᠤ ᠣᠷᠣᠭᠤᠯᠤᠭᠰᠠᠨ ᠃       2005-2008 ᠄ ᠦᠷᠡᠵᠢᠯ ᠤᠨ ᠲᠣᠭᠲᠠᠪᠤᠷᠢᠵᠢᠭᠤᠯᠬᠤ ᠦᠶ᠎ᠡ ᠱᠠᠲᠤ ᠃       2008 ᠣᠨ ᠠᠴᠠ ᠥᠨᠥ ᠶᠢ ᠬᠦᠷᠲᠡᠯ᠎ᠡ ᠄ ᠭᠦ᠋ᠨᠤᠲ᠋ᠢᠺ ᠰᠢᠨᠵᠢ ᠴᠢᠨᠠᠷ ᠢ ᠰᠠᠶᠢᠵᠢᠷᠠᠭᠤᠯᠬᠤ ᠂ ᠡᠭᠦᠯᠳᠡᠷ ᠢ ᠪᠠᠲᠤᠳᠬᠠᠬᠤ ᠠᠵᠢᠯ ᠬᠢᠭᠳᠡᠭᠰᠡᠨ ᠃       ᠡᠨᠡ ᠬᠤᠭᠤᠴᠠᠭᠠᠨ ᠳᠤ ᠡᠮᠦᠨᠡᠲᠦ ᠠᠹᠷᠢᠺᠠ ᠶᠢᠨ ᠬᠠᠷ᠎ᠠ ᠲᠣᠯᠤᠭᠠᠶᠢᠲᠤ ᠳ᠋ᠣᠷᠫᠧᠷ ᠬᠤᠨᠢ ᠶᠢ ᠡᠴᠢᠭᠡ ᠡᠭᠦᠯᠳᠡᠷ ᠢᠶᠠᠷ ᠂ ᠱᠠᠨᠳᠦ᠋ᠩ ᠨᠤᠲᠤᠭ ᠤᠨ ᠵᠢᠵᠢᠭ ᠰᠡᠭᠦᠯ ᠲᠠᠢ ᠬᠤᠨᠢ ᠶᠢ ᠡᠬᠡ ᠡᠭᠦᠯᠳᠡᠷ ᠢᠶᠠᠷ ᠠᠰᠢᠭᠯᠠᠭᠰᠠᠨ ᠪᠠᠶᠢᠨ᠎ᠠ ᠃       2018 ᠣᠨ ᠤ 1 ᠳ᠋ᠦ᠋ᠭᠡᠷ ᠰᠠᠷ᠎ᠠ ᠳᠤ ᠬᠥᠳᠡᠭᠡ ᠠᠵᠤ ᠠᠬᠤᠢ ᠶᠢᠨ ᠶᠠᠮᠤᠨ ᠠᠴᠠ ᠤᠭ ᠰᠢᠨ᠎ᠡ ᠡᠭᠦᠯᠳᠡᠷ ᠢ ᠠᠯᠪᠠᠨ ᠶᠣᠰᠣ ᠪᠠᠷ ᠪᠠᠲᠤᠯᠠᠭᠰᠠᠨ ᠪᠥᠭᠡᠳ ᠡᠭᠦᠯᠳᠡᠷ ᠨᠢ ᠳᠠᠷᠠᠭᠠᠬᠢ ᠳᠠᠪᠠᠭᠤ ᠲᠠᠯ᠎ᠠ ᠨᠤᠭᠤᠳ ᠢ ᠬᠠᠷᠠᠭᠤᠯᠵᠤ ᠪᠠᠶᠢᠨ᠎ᠠ ᠄        ᠦᠨᠳᠦᠷ ᠥᠰᠦᠯᠲᠡ ᠲᠠᠢ ᠄ ᠵᠢᠯ ᠤᠨ ᠳᠣᠲᠣᠷᠠᠬᠢ ᠬᠤᠴᠠᠨ ᠤ ᠵᠢᠩ 92.2 ᠺᠢᠯᠣᠭ᠍ᠷᠠᠮ ᠂ ᠡᠮ ᠬᠤᠨᠢ 75.88 ᠺᠢᠯᠣᠭ᠍ᠷᠠᠮ ᠬᠦᠷᠳᠡᠭ ᠃       ᠦᠷᠡᠵᠢᠯ ᠤᠨ ᠥᠨᠳᠥᠷ ᠴᠢᠨᠠᠷ ᠄ ᠠᠩᠬᠠᠨ ᠤ ᠲᠥᠯᠥᠪᠯᠡᠭᠡ ᠳᠤ 192.14% ᠂ ᠳᠠᠷᠠᠭ᠎ᠠ ᠶᠢᠨ ᠲᠥᠯᠥᠪᠯᠡᠭᠡ ᠳᠤ 222.12% ᠤᠨ ᠦᠷᠡᠵᠢᠯ ᠤᠨ ᠲᠦᠪᠰᠢᠨ ᠲᠠᠢ ᠃       ᠮᠢᠬᠠᠨ ᠤ ᠭᠠᠷᠴᠠ ᠰᠠᠶᠢᠨ ᠄ ᠴᠡᠪᠡᠷ ᠮᠢᠬᠠᠨ ᠤ ᠭᠠᠷᠴᠠ 82.55%.       ᠮᠢᠬᠠᠨ ᠤ ᠴᠢᠨᠠᠷ ᠥᠨᠳᠥᠷ ᠄ ᠪᠠᠭ᠎ᠠ ᠥᠭᠡᠬᠦ ᠲᠣᠰᠣ ᠂ ᠪᠠᠭ᠎ᠠ ᠰᠦᠰᠦᠨ ᠤ ᠴᠢᠯᠠᠭᠤᠯᠢᠭ ᠠᠯᠺᠣᠣᠯ ᠲᠠᠢ ᠂ ᠦᠨᠦᠷ ᠪᠠᠭ᠎ᠠ ᠲᠠᠢ ᠃       ᠠᠷᠠᠰᠤᠨ ᠤ ᠴᠢᠨᠠᠷ ᠰᠠᠶᠢᠨ ᠄ ᠦᠨᠳᠦᠷ ᠵᠡᠷᠭᠡᠯᠡᠯ ᠤᠨ ᠠᠷᠠᠰᠤ ᠦᠢᠯᠡᠳᠪᠦᠷᠢᠯᠡᠬᠦ ᠳᠤ ᠲᠣᠬᠢᠷᠠᠮᠵᠢᠲᠠᠢ ᠃       ᠬᠢᠯᠪᠠᠷ ᠨᠤᠲᠤᠭᠰᠢᠯᠲᠠ ᠄ ᠪᠦᠬᠦ ᠲᠥᠷᠥᠯ ᠤᠨ ᠬᠤᠭᠤᠯᠠᠨ ᠳᠤ ᠲᠡᠰᠪᠦᠷᠢᠲᠡᠢ ᠂ ᠡᠪᠡᠳᠴᠢᠨ ᠡᠰᠡᠷᠭᠦᠴᠡᠬᠦ ᠴᠢᠳᠠᠪᠤᠷᠢ ᠥᠨᠳᠥᠷ ᠂ ᠬᠠᠰᠢᠶᠠᠨ ᠤ ᠮᠠᠯᠯᠠᠭᠠᠨ ᠳᠤ ᠲᠣᠬᠢᠷᠠᠮᠵᠢᠲᠠᠢ ᠃       ᠦᠢᠯᠡᠳᠪᠦᠷᠢᠯᠡᠯ ᠤᠨ ᠫᠷᠠᠺᠲ᠋ᠢᠭ ᠪᠣᠯᠣᠨ ᠡᠳ᠋ ᠤᠨ ᠵᠠᠰᠠᠭ ᠤᠨ ᠦᠷ᠎ᠡ ᠥᠭᠭᠦᠭᠡᠵᠢ       ᠰᠢᠨ᠎ᠡ ᠡᠭᠦᠯᠳᠡᠷ ᠢ ᠪᠤᠢ ᠪᠣᠯᠭᠠᠬᠤ ᠠᠴᠠ ᠭᠠᠳᠠᠨ᠎ᠠ ᠱᠠᠨᠳᠦ᠋ᠩ ᠮᠤᠵᠢ ᠶᠢᠨ ᠰᠤᠳᠤᠯᠤᠭᠠᠴᠢᠳ ᠬᠥᠳᠡᠭᠡ ᠠᠵᠤ ᠠᠬᠤᠢ ᠶᠢᠨ ᠦᠢᠯᠡᠳᠪᠦᠷᠢᠯᠡᠯ ᠳᠤ ᠰᠢᠭᠤᠳ ᠨᠡᠪᠲᠡᠷᠡᠭᠦᠯᠬᠦ ᠪᠠᠷ ᠠᠵᠢᠯᠯᠠᠭᠰᠠᠨ ᠪᠠᠶᠢᠨ᠎ᠠ ᠃       2015 ᠣᠨ ᠠᠴᠠ ᠬᠤᠶᠢᠰᠢ ᠯᠤ᠋ ᠰᠢ ᠬᠠᠷ᠎ᠠ ᠲᠣᠯᠤᠭᠠᠶᠢᠲᠤ ᠬᠤᠨᠢ ᠶᠢ 8 ᠮᠤᠵᠢ ᠳᠤ ︵ᠭᠢᠷᠢᠨ ᠂ ᠯᠢᠶᠣᠤᠨᠢᠩ ᠂ ᠰᠢᠨᠵᠢᠶᠠᠩ ᠂ ᠾᠧᠪᠧᠢ ᠂ ᠲᠢᠶᠠᠨᠵᠢᠨ ᠭᠡᠬᠦ ᠮᠡᠲᠦ ︶ ᠠᠮᠵᠢᠯᠲᠠ ᠲᠠᠢ ᠨᠤᠲᠤᠭᠰᠢᠭᠤᠯᠤᠭᠰᠠᠨ ᠃       ᠦᠢᠯᠡᠳᠪᠦᠷᠢᠯᠡᠯ ᠂ ᠠᠵᠤ ᠠᠬᠤᠢ ᠶᠢᠨ ᠨᠢᠭᠡᠴᠢ ᠨᠦᠭᠦᠳ ᠲᠤ ᠄ ᠰᠢᠨ᠎ᠡ ᠡᠭᠦᠯᠳᠡᠷ ᠲᠠᠢ ᠬᠤᠨᠢᠨ ᠤ ᠠᠰᠢᠭ ᠬᠤᠨᠵᠢᠶ᠎ᠠ 3 ᠵᠢᠯ ᠤᠨ ᠬᠤᠭᠤᠴᠠᠭᠠᠨ ᠳᠤ 1000 ᠭᠠᠷᠤᠢ ᠲᠦᠮᠡᠨ ᠶᠤᠸᠠᠨ ᠳᠤ ᠬᠦᠷᠬᠦ ᠪᠣᠯᠣᠮᠵᠢ ᠲᠠᠢ ᠃       ᠬᠥᠳᠡᠭᠡ ᠠᠵᠤ ᠠᠬᠤᠢ ᠶᠢᠨ ᠬᠥᠭᠵᠢᠯ ᠳᠤ ᠦᠵᠡᠭᠦᠯᠬᠦ ᠨᠥᠯᠥᠭᠡ       ᠯᠤ᠋ ᠰᠢ ᠬᠠᠷ᠎ᠠ ᠲᠣᠯᠤᠭᠠᠶᠢᠲᠤ ᠬᠤᠨᠢᠨ ᠤ ᠡᠭᠦᠯᠳᠡᠷ ᠨᠢ ᠮᠠᠨ ᠤ ᠤᠯᠤᠰ ᠤᠨ ᠮᠢᠬᠠᠨ ᠤ ᠦᠢᠯᠡᠳᠪᠦᠷᠢᠯᠡᠯ ᠳᠤ ᠰᠢᠨ᠎ᠡ ᠬᠠᠭᠤᠳᠠᠰᠤ ᠨᠡᠭᠡᠭᠡᠵᠦ ᠂ ᠭᠠᠳᠠᠭᠠᠳᠤ ᠠᠴᠠ ᠬᠠᠷᠠᠭᠠᠲᠤ ᠪᠠᠶᠢᠳᠠᠯ ᠢ ᠪᠠᠭᠤᠷᠠᠭᠤᠯᠬᠤ ᠂ ᠥᠨᠳᠥᠷ ᠴᠢᠨᠠᠷᠲᠠᠢ ᠮᠢᠬ᠎ᠠ ᠦᠢᠯᠡᠳᠪᠦᠷᠢᠯᠡᠬᠦ ᠨᠥᠬᠦᠴᠡᠯ ᠢ ᠪᠦᠷᠢᠳᠦᠭᠦᠯᠵᠦ ᠪᠠᠶᠢᠨ᠎ᠠ ᠃ ᠡᠭᠦᠯᠳᠡᠷ ᠨᠢ ᠬᠥᠳᠡᠭᠡ ᠠᠵᠤ ᠠᠬᠤᠢ ᠶᠢᠨ ᠣᠷᠣᠯᠭ᠎ᠠ ᠶᠢ ᠨᠡᠮᠡᠭᠳᠡᠭᠦᠯᠬᠦ ᠳᠤ ᠴᠢᠬᠤᠯᠠ ᠠᠴᠢ ᠬᠤᠯᠪᠣᠭᠳᠠᠯ ᠲᠠᠢ ᠭᠡᠵᠦ ᠰᠠᠯᠪᠤᠷᠢ ᠶᠢᠨ ᠮᠡᠷᠭᠡᠵᠢᠯᠲᠡᠨ ᠨᠦᠭᠦᠳ ᠳ᠋ᠦᠩᠨᠡᠵᠦ ᠪᠠᠶᠢᠨ᠎ᠠ ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号