ᠢᠮᠠᠭᠠᠨ ᠤ ᠰᠦᠨ ᠤ ᠰᠢᠮ᠎ᠡ ᠲᠡᠵᠢᠭᠡᠯ ᠪᠠ ᠠᠴᠢ ᠲᠤᠰᠠ
ᠨᠡᠶᠢᠲᠡᠯᠡᠭᠰᠡᠨ ᠴᠠᠭ᠄
2024/11/29
                ᠢᠮᠠᠭᠠᠨ ᠤ ᠰᠦ ᠶᠢ ᠣᠯᠠᠨ ᠤᠯᠤᠰ ᠤᠨ ᠬᠡᠮᠵᠢᠶᠡᠨ ᠳᠤ ︽ᠰᠦᠨ ᠤ ᠬᠠᠭᠠᠨ ︾ ᠭᠡᠵᠦ ᠨᠡᠷᠡᠯᠡᠳᠡᠭ ᠃ ᠢᠮᠠᠭᠠᠨ ᠤ ᠰᠦᠨ ᠤ ᠥᠭᠡᠬᠦ ᠲᠣᠰᠣᠨ ᠤ ᠮᠣᠯᠧᠺᠦ᠋ᠯ ᠨᠢ ᠦᠬᠡᠷ ᠤᠨ ᠰᠦᠨ ᠤ ᠠᠴᠠ ᠭᠤᠷᠪᠠ ᠳᠠᠬᠢᠨ ᠵᠢᠵᠢᠭ ᠲᠤᠯᠠ ᠬᠥᠮᠥᠨ ᠤ ᠪᠡᠶ᠎ᠡ ᠳᠤ ᠠᠮᠠᠷᠬᠠᠨ ᠰᠢᠩᠭᠡᠳᠡᠭ ᠃ ᠲᠡᠭᠦᠨᠴᠢᠯᠡᠨ ᠢᠮᠠᠭᠠᠨ ᠤ ᠰᠦ ᠶᠢ ᠤᠳᠠᠭᠠᠨ ᠬᠤᠭᠤᠴᠠᠭᠠᠨ ᠳᠤ ᠬᠡᠷᠡᠭᠯᠡᠬᠦ ᠳᠤ ᠵᠢᠩ ᠨᠡᠮᠡᠭᠳᠡᠬᠦ ᠦᠭᠡᠢ ᠃ ᠢᠮᠠᠭᠠᠨ ᠤ ᠰᠦᠨ ᠳᠤ ᠠᠭᠤᠯᠤᠭᠳᠠᠬᠤ ᠠᠮᠢᠨ ᠳᠡᠮ ᠦᠬᠡᠷ ᠤᠨ ᠰᠦᠨ ᠠᠴᠠ ᠬᠠᠮᠢᠶ᠎ᠠ ᠦᠭᠡᠢ ᠥᠨᠳᠥᠷ ᠪᠠᠶᠢᠳᠠᠭ ᠃ ᠵᠠᠷᠢᠮ ᠤᠯᠤᠰ ᠣᠷᠣᠨ ᠨᠤᠭᠤᠳ ᠲᠤ ᠢᠮᠠᠭᠠᠨ ᠤ ᠰᠦ ᠶᠢ ᠬᠠᠮᠤᠭ ᠤᠨ ᠲᠡᠵᠢᠭᠡᠯᠯᠢᠭ ᠬᠦᠨᠡᠰᠦ ᠬᠡᠮᠡᠨ ᠦᠨᠡᠯᠡᠳᠡᠭ ᠪᠥᠭᠡᠳ ᠡᠸᠦ᠋ᠷᠦᠫᠡ ᠳᠤ ᠰᠢᠨ᠎ᠡ ᠢᠮᠠᠭᠠᠨ ᠤ ᠰᠦᠨ ᠤ ᠦᠨ᠎ᠡ ᠦᠬᠡᠷ ᠤᠨ ᠰᠦᠨ ᠤ ᠠᠴᠠ 7 ᠳᠠᠬᠢᠨ ᠥᠨᠳᠥᠷ ᠪᠠᠶᠢᠳᠠᠭ ᠃ ᠰᠢᠨᠵᠢᠭᠡᠴᠢᠳ ᠤᠨ ᠵᠥᠪᠯᠡᠭᠰᠡᠨ ᠢᠶᠠᠷ ᠬᠠᠷᠰᠢᠯ ᠲᠠᠢ ᠂ ᠬᠤᠳᠣᠭᠤᠳᠣ ᠭᠡᠳᠡᠰᠦᠨ ᠤ ᠡᠮᠭᠡᠭ ᠲᠠᠢ ᠂ ᠭᠤᠤᠷᠰᠤᠨ ᠬᠤᠭᠤᠯᠠᠢ ᠶᠢᠨ ᠦᠷᠪᠢᠰᠦᠯ ᠲᠠᠢ ᠂ ᠰᠤᠯᠠ ᠪᠡᠶ᠎ᠡ ᠲᠠᠢ ᠬᠥᠮᠦᠰ ᠪᠣᠯᠣᠨ ᠨᠢᠷᠠᠢ ᠬᠡᠦᠬᠡᠳ ᠲᠤ ᠢᠮᠠᠭᠠᠨ ᠤ ᠰᠦ ᠬᠡᠷᠡᠭᠯᠡᠬᠦ ᠨᠢ ᠲᠣᠬᠢᠷᠠᠮᠵᠢᠲᠠᠢ ᠃       ᠢᠮᠠᠭᠠᠨ ᠤ ᠰᠦᠨ ᠤ ᠰᠢᠮ᠎ᠡ ᠲᠡᠵᠢᠭᠡᠯ       ᠬᠠᠲᠠᠭᠤ ᠪᠣᠳᠠᠰ ᠪᠠ ᠢᠯᠴᠢᠯᠢᠭ ᠄        ᠢᠮᠠᠭᠠᠨ ᠤ ᠰᠦᠨ ᠤ ᠬᠠᠲᠠᠭᠤ ᠪᠣᠳᠠᠰ ᠤᠨ ᠠᠭᠤᠯᠤᠮᠵᠢ ᠨᠢ ᠦᠬᠡᠷ ᠤᠨ ᠰᠦᠨ ᠤ ᠬᠢ ᠲᠠᠢ ᠣᠶᠢᠷᠠᠯᠴᠠᠭ᠎ᠠ ᠡᠰᠡᠪᠡᠯ ᠠᠷᠠᠢ ᠥᠨᠳᠥᠷ ᠪᠠᠶᠢᠳᠠᠭ ᠃ ᠨᠢᠭᠡ ᠺᠢᠯᠣᠭ᠍ᠷᠠᠮ ᠢᠮᠠᠭᠠᠨ ᠤ ᠰᠦ ᠨᠢ ᠦᠬᠡᠷ ᠤᠨ ᠰᠦᠨ ᠠᠴᠠ 210 ᠢᠯᠡᠭᠦᠦ ᠢᠯᠴᠢᠯᠢᠭ ᠠᠭᠤᠯᠳᠠᠭ ᠃       ᠥᠭᠡᠬᠦ ᠲᠣᠰᠣ ᠄        ᠢᠮᠠᠭᠠᠨ ᠤ ᠰᠦᠨ ᠤ ᠥᠭᠡᠬᠦ ᠲᠣᠰᠣᠨ ᠤ ᠠᠭᠤᠯᠤᠮᠵᠢ ᠨᠢ 3.6%-4.5% ᠪᠠᠶᠢᠳᠠᠭ ᠃ ᠥᠭᠡᠬᠦ ᠲᠣᠰᠣᠨ ᠤ ᠮᠣᠯᠧᠺᠦ᠋ᠯ ᠤᠨ ᠬᠡᠮᠵᠢᠶ᠎ᠡ ᠨᠢ 2 ᠮᠢᠺᠷᠣᠨ ᠣᠷᠴᠢᠮ ᠪᠥᠭᠡᠳ ᠡᠨᠡ ᠨᠢ ᠦᠬᠡᠷ ᠤᠨ ᠰᠦᠨ ᠤ ᠠᠴᠠ ᠪᠠᠭ᠎ᠠ ᠬᠡᠮᠵᠢᠶ᠎ᠡ ᠲᠠᠢ ᠶᠤᠮ ᠃ ᠢᠮᠠᠭᠠᠨ ᠤ ᠰᠦ ᠪᠣᠭᠤᠨᠢ ᠭᠢᠨᠵᠢᠨ ᠲᠣᠰᠣᠨ ᠤ ᠬᠦᠴᠢᠯ ᠤᠳ ᠢᠶᠠᠷ ᠪᠠᠶᠠᠯᠢᠭ ᠪᠥᠭᠡᠳ ᠪᠦᠬᠦ ᠥᠭᠡᠬᠦ ᠲᠣᠰᠣᠨ ᠤ 25% ᠢ ᠳᠡᠭᠡᠳᠦ ᠵᠡᠷᠭᠡ ᠶᠢᠨ ᠳᠡᠭᠳᠡᠮᠡᠬᠡᠶ ᠲᠣᠰᠣᠨ ᠤ ᠬᠦᠴᠢᠯ ᠤᠳ ᠡᠵᠡᠯᠡᠳᠡᠭ ᠪᠣᠯ ᠦᠬᠡᠷ ᠤᠨ ᠰᠦᠨ ᠳᠤ ᠡᠨᠡ ᠦᠵᠡᠭᠦᠯᠦᠯᠲᠡ 10% ᠠᠴᠠ ᠪᠠᠭ᠎ᠠ ᠪᠠᠶᠢᠳᠠᠭ ᠃       ᠤᠭᠤᠷᠠᠭ ᠄        ᠢᠮᠠᠭᠠᠨ ᠤ ᠰᠦᠨ ᠤ ᠤᠭᠤᠷᠠᠭ ᠨᠢ ᠭᠤᠣᠯᠴᠢᠯᠠᠨ ᠺᠠᠽᠧᠶ᠋ᠢᠨ ᠪᠣᠯᠣᠨ ᠰᠢᠷ᠎ᠠ ᠰᠦᠨ ᠤ ᠤᠭᠤᠷᠠᠭ ᠠᠭᠤᠯᠳᠠᠭ ᠃ ᠢᠮᠠᠭᠠᠨ ᠤ ᠰᠦ ᠂ ᠦᠬᠡᠷ ᠤᠨ ᠰᠦ ᠂ ᠬᠥᠮᠥᠨ ᠤ ᠰᠦ ᠳᠠᠬᠢ ᠺᠠᠽᠧᠶ᠋ᠢᠨ ᠪᠠ ᠰᠢᠷ᠎ᠠ ᠰᠦᠨ ᠤ ᠤᠭᠤᠷᠠᠭ ᠤᠨ ᠬᠠᠷᠢᠴᠠᠭ᠎ᠠ ᠄        ᠢᠮᠠᠭᠠᠨ ᠤ ᠰᠦᠨ ᠳᠤ 75:25       ᠦᠬᠡᠷ ᠤᠨ ᠰᠦᠨ ᠳᠤ 85:15       ᠬᠥᠮᠥᠨ ᠤ ᠰᠦᠨ ᠳᠤ 60:40 ᠪᠠᠶᠢᠨ᠎ᠠ ᠃       ᠢᠮᠠᠭᠠᠨ ᠤ ᠰᠦ ᠨᠢ ᠦᠬᠡᠷ ᠤᠨ ᠰᠦᠨ ᠠᠴᠠ ᠢᠯᠡᠭᠦᠦ ᠬᠢᠯᠪᠠᠷ ᠰᠢᠩᠭᠡᠳᠡᠭ ᠃       ᠡᠷᠦᠳᠡᠰᠦ ᠪᠣᠳᠠᠰ ᠄        ᠢᠮᠠᠭᠠᠨ ᠤ ᠰᠦᠨ ᠳᠤ ᠠᠭᠤᠯᠤᠭᠳᠠᠬᠤ ᠡᠷᠦᠳᠡᠰᠦ ᠪᠣᠳᠠᠰ ᠤᠨ ᠨᠡᠶᠢᠲᠡ ᠬᠡᠮᠵᠢᠶ᠎ᠡ 0.86% ᠪᠥᠭᠡᠳ ᠦᠬᠡᠷ ᠤᠨ ᠰᠦᠨ ᠠᠴᠠ 0.14% — ᠪᠠᠷ ᠢᠯᠡᠭᠦᠦ ᠃ ᠲᠡᠭᠦᠨᠴᠢᠯᠡᠨ ᠺᠠᠯᠼ ᠂ ᠹᠣᠰᠹᠣᠷ ᠂ ᠺᠠᠯᠢ ᠂ ᠮᠠᠭᠨᠢ ᠂ ᠾᠯᠣᠷ ᠂ ᠮᠠᠩᠭᠠᠨ ᠵᠡᠷᠭᠡ ᠡᠷᠦᠳᠡᠰᠦ ᠪᠣᠳᠠᠰ ᠢᠶᠠᠷ ᠪᠠᠶᠠᠯᠢᠭ ᠃       ᠡᠷᠡᠭᠦᠯ ᠮᠡᠨᠳᠦ ᠶᠢᠨ ᠠᠴᠢ ᠲᠤᠰᠠ ᠄        ᠢᠮᠠᠭᠠᠨ ᠤ ᠰᠦ ᠨᠢ ᠠᠮᠲᠠᠯᠢᠭ ᠂ ᠳᠤᠯᠠᠭᠠᠨ ᠴᠢᠨᠠᠷᠲᠠᠢ ᠪᠥᠭᠡᠳ ᠡᠯᠢᠭᠡ ᠂ ᠬᠤᠳᠣᠭᠤᠳᠣ ᠂ ᠵᠢᠷᠦᠬᠡ ᠂ ᠪᠥᠭᠡᠷᠡᠨ ᠤ ᠦᠢᠯᠡ ᠠᠵᠢᠯᠯᠠᠭ᠎ᠠ ᠶᠢ ᠳᠡᠮᠵᠢᠬᠦ ᠦᠢᠯᠡᠴᠢᠯᠡᠭᠡ ᠲᠠᠢ ᠃       ᠢᠮᠠᠭᠠᠨ ᠤ ᠰᠦ ᠨᠢ ᠬᠤᠳᠣᠭᠤᠳᠤᠨ ᠤ ᠰᠢᠷᠬ᠎ᠠ ᠂ ᠠᠮᠢᠰᠬᠤᠯ ᠤᠨ ᠵᠠᠮ ᠤᠨ ᠦᠷᠪᠢᠰᠦᠯ ᠵᠡᠷᠭᠡ ᠡᠪᠡᠳᠴᠢᠨ ᠢ ᠠᠨᠠᠭᠠᠬᠤ ᠳᠤ ᠠᠰᠢᠭ ᠲᠠᠢ ᠃       ᠳᠠᠷᠬᠠᠯᠠᠭ᠎ᠠ ᠳᠡᠮᠵᠢᠬᠦ ᠄        ᠢᠮᠠᠭᠠᠨ ᠤ ᠰᠦᠨ ᠳᠤ ᠠᠭᠤᠯᠤᠭᠳᠠᠬᠤ ᠡᠰ ᠤᠨ ᠥᠰᠦᠯᠲᠡ ᠶᠢᠨ ᠬᠦᠴᠦᠨ ᠵᠦᠢᠯ ᠨᠢ ᠪᠡᠶ᠎ᠡ ᠳᠤ ᠬᠠᠯᠳᠠᠪᠤᠷᠢ ᠡᠰᠡᠷᠭᠦᠴᠡᠬᠦ ᠴᠢᠳᠠᠪᠤᠷᠢ ᠶᠢ ᠨᠡᠮᠡᠭᠳᠡᠭᠦᠯᠳᠡᠭ ᠃       ᠵᠠᠬ᠎ᠠ ᠵᠡᠭᠡᠯᠢ ᠪᠠ ᠢᠷᠡᠭᠡᠳᠦᠢ       ᠢᠮᠠᠭᠠᠨ ᠤ ᠰᠦ ᠨᠢ ᠳᠡᠯᠡᠬᠡᠢ ᠶᠢᠨ ᠬᠡᠮᠵᠢᠶᠡᠨ ᠳᠤ ᠡᠷᠢᠯᠲᠡ ᠶᠡᠬᠡᠲᠡᠢ ᠪᠦᠲᠦᠭᠡᠭᠳᠡᠬᠦᠨ ᠪᠣᠯᠵᠤ ᠂ ᠵᠠᠬ᠎ᠠ ᠵᠡᠭᠡᠯᠢ ᠳᠡᠭᠡᠷ᠎ᠡ ᠥᠨᠳᠥᠷ ᠪᠠᠶᠢᠷᠢ ᠰᠠᠭᠤᠷᠢ ᠡᠵᠡᠯᠡᠵᠦ ᠪᠠᠶᠢᠨ᠎ᠠ ᠃ ᠲᠧᠭᠨᠣᠯᠣᠭᠢ ᠶᠢᠨ ᠬᠥᠭᠵᠢᠯ ᠢ ᠠᠰᠢᠭᠯᠠᠨ ᠢᠮᠠᠭᠠᠨ ᠤ ᠰᠦ ᠶᠢ ᠳᠠᠬᠢᠨ ᠪᠣᠯᠪᠠᠰᠤᠷᠠᠭᠤᠯᠵᠤ ᠂ ᠦᠨᠦᠷ ᠢ ᠨᠢ ᠳᠠᠷᠤᠭᠰᠠᠨ ᠢᠶᠠᠷ ᠣᠯᠠᠨ ᠬᠡᠷᠡᠭᠯᠡᠭᠴᠢᠳ ᠲᠤ ᠬᠦᠷᠬᠦ ᠪᠣᠯᠣᠮᠵᠢ ᠲᠠᠢ ᠪᠣᠯᠵᠠᠢ ᠃ ᠡᠸᠦ᠋ᠷᠦᠫᠡ ᠶᠢᠨ ᠣᠷᠣᠨ ᠨᠤᠭᠤᠳ ᠲᠤ ᠢᠮᠠᠭᠠᠨ ᠤ ᠰᠦ ᠨᠢ ᠦᠬᠡᠷ ᠤᠨ ᠰᠦᠨ ᠠᠴᠠ ᠬᠠᠪᠢ ᠦᠭᠡᠢ ᠢᠯᠡᠭᠦᠦ ᠠᠰᠢᠭᠯᠠᠭᠳᠠᠳᠠᠭ ᠪᠥᠭᠡᠳ ᠡᠷᠡᠭᠦᠯ ᠮᠡᠨᠳᠦ ᠶᠢᠨ ᠥᠨᠳᠥᠷ ᠠᠴᠢ ᠬᠤᠯᠪᠣᠭᠳᠠᠯ ᠲᠠᠢ ᠪᠦᠲᠦᠭᠡᠭᠳᠡᠬᠦᠨ ᠪᠣᠯᠵᠤ ᠬᠥᠭᠵᠢᠵᠦ ᠪᠠᠶᠢᠨ᠎ᠠ ᠃      
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号