ᠢᠮᠠᠭᠠᠨ ᠤ ᠰᠦᠨ ᠤ ᠠᠰᠢᠭ ᠲᠤᠰᠠ ᠪᠠ ᠦᠢᠯᠡᠴᠢᠯᠡᠭᠡ
ᠨᠡᠶᠢᠲᠡᠯᠡᠭᠰᠡᠨ ᠴᠠᠭ᠄
2024/11/29
        ᠢᠮᠠᠭᠠᠨ ᠤ ᠰᠦ ᠪᠤᠶᠤ ᠰᠢᠨ᠎ᠡ ᠰᠦ       ᠠᠮᠲᠠᠯᠢᠭ ᠂ ᠳᠤᠯᠠᠭᠠᠨ ᠴᠢᠨᠠᠷᠲᠠᠢ ᠂ ᠡᠯᠢᠭᠡ ᠂ ᠬᠤᠳᠣᠭᠤᠳᠣ ᠂ ᠵᠢᠷᠦᠬᠡ ᠂ ᠪᠥᠭᠡᠷᠡᠨ ᠤ ᠦᠢᠯᠡ ᠠᠵᠢᠯᠯᠠᠭ᠎ᠠ ᠳᠤ ᠡᠶᠡᠷᠭᠦ ᠨᠥᠯᠥᠭᠡ ᠦᠵᠡᠭᠦᠯᠳᠡᠭ ᠃ ᠮᠦᠨ ᠪᠡᠶ᠎ᠡ ᠶᠢ ᠳᠤᠯᠠᠭᠠᠴᠠᠭᠤᠯᠵᠤ ᠂ ᠰᠤᠯᠠ ᠪᠡᠶ᠎ᠡ ᠲᠠᠢ ᠬᠥᠮᠥᠰ ᠢ ᠴᠢᠭᠢᠷᠠᠭᠵᠢᠭᠤᠯᠤᠨ ᠂ ᠴᠢᠰᠤ ᠲᠥᠯᠵᠢᠭᠦᠯᠬᠦ ᠴᠢᠳᠠᠯ ᠲᠠᠢ ᠃       ᠢᠮᠠᠭᠠᠨ ᠤ ᠰᠦᠨ ᠤ ᠲᠡᠵᠢᠭᠡᠯᠯᠢᠭ ᠴᠢᠨᠠᠷ       ᠢᠮᠠᠭᠠᠨ ᠤ ᠰᠦᠨ ᠳᠤ ᠤᠭᠤᠷᠠᠭ ᠂ ᠥᠭᠡᠬᠦ ᠲᠣᠰᠣ ᠂ ᠨᠡᠭᠦᠷᠡᠰᠦ ᠤᠰᠤ ᠂ ᠸᠢᠲ᠋ᠠᠮᠢᠨ A ᠂ ᠸᠢᠲ᠋ᠠᠮᠢᠨ B ᠂ ᠺᠠᠯᠼ ᠂ ᠺᠠᠯᠢ ᠂ ᠲᠡᠮᠦᠷ ᠵᠡᠷᠭᠡ ᠰᠢᠮ᠎ᠡ ᠲᠡᠵᠢᠭᠡᠯ ᠤᠨ ᠪᠣᠳᠠᠰ ᠠᠭᠤᠯᠤᠭᠳᠠᠳᠠᠭ ᠃ ᠣᠷᠴᠢᠨ ᠦᠶ᠎ᠡ ᠶᠢᠨ ᠰᠤᠳᠤᠯᠭ᠎ᠠ ᠪᠠᠷ ᠢᠮᠠᠭᠠᠨ ᠤ ᠰᠦᠨ ᠤ ᠤᠭᠤᠷᠠᠭ ᠂ ᠡᠷᠦᠳᠡᠰᠦ ᠪᠣᠳᠠᠰ ᠂ ᠢᠯᠠᠩᠭᠤᠶ᠎ᠠ ᠺᠠᠯᠼ ᠪᠣᠯᠣᠨ ᠹᠣᠰᠹᠣᠷ ᠤᠨ ᠠᠭᠤᠯᠤᠮᠵᠢ ᠨᠢ ᠦᠬᠡᠷ ᠤᠨ ᠰᠦᠨ ᠠᠴᠠ ᠢᠯᠡᠭᠦᠦ ᠥᠨᠳᠥᠷ ᠪᠣᠯᠬᠤ ᠶᠢ ᠲᠣᠭᠲᠠᠭᠠᠭᠰᠠᠨ ᠃       ᠳᠠᠪᠠᠭᠤ ᠲᠠᠯ᠎ᠠ ᠨᠤᠭᠤᠳ ᠄        ᠸᠢᠲ᠋ᠠᠮᠢᠨ A ᠂ B ᠤᠨ ᠠᠭᠤᠯᠤᠮᠵᠢ ᠨᠢ ᠦᠬᠡᠷ ᠤᠨ ᠰᠦᠨ ᠠᠴᠠ ᠥᠨᠳᠥᠷ ᠲᠤᠯᠠ ᠬᠠᠷᠠᠭᠠᠨ ᠤ ᠬᠠᠮᠠᠭᠠᠯᠠᠯᠲᠠ ᠂ ᠪᠡᠶ᠎ᠡ ᠶᠢᠨ ᠬᠦᠴᠦ ᠶᠢ ᠰᠡᠷᠭᠦᠭᠡᠬᠦ ᠳᠤ ᠲᠤᠰᠠᠲᠠᠢ ᠃       ᠢᠮᠠᠭᠠᠨ ᠤ ᠰᠦ ᠨᠢ ᠬᠢᠯᠪᠠᠷ ᠰᠢᠩᠭᠡᠳᠡᠭ ᠪᠥᠭᠡᠳ ᠨᠢᠷᠠᠢ ᠬᠡᠦᠬᠡᠳ ᠲᠤ ᠬᠦᠷᠲᠡᠯ᠎ᠡ 94% ᠬᠦᠷᠲᠡᠯᠡᠬᠢ ᠥᠨᠳᠥᠷ ᠰᠢᠩᠭᠡᠴᠡ ᠲᠠᠢ ᠃       ᠢᠮᠠᠭᠠᠨ ᠤ ᠰᠦ ᠶᠢ ᠬᠡᠷᠡᠭᠯᠡᠬᠦ ᠳᠤ ᠲᠣᠬᠢᠷᠠᠮᠵᠢᠲᠠᠢ ᠬᠥᠮᠦᠰ       ᠪᠦᠬᠦ ᠨᠠᠰᠤᠨ ᠤ ᠬᠢᠨ ᠬᠡᠷᠡᠭᠯᠡᠬᠦ ᠪᠣᠯᠣᠮᠵᠢ ᠲᠠᠢ ᠪᠣᠯᠪᠠᠴᠤ ᠳᠠᠷᠠᠭᠠᠬᠢ ᠬᠥᠮᠥᠰ ᠤᠨ ᠬᠤᠪᠢ ᠳᠤ ᠢᠯᠡᠭᠦᠦ ᠲᠤᠰᠠᠲᠠᠢ ᠄        ᠨᠢᠷᠠᠢ ᠪᠣᠯᠣᠨ ᠬᠡᠦᠬᠡᠳ ᠤᠳ ᠄ ᠰᠢᠮ᠎ᠡ ᠲᠡᠵᠢᠭᠡᠯ ᠰᠠᠶᠢᠲᠠᠢ ᠲᠤᠯᠠ ᠨᠢᠷᠠᠢ ᠬᠡᠦᠬᠡᠳ ᠤᠨ ᠪᠡᠶ᠎ᠡ ᠶᠢᠨ ᠬᠥᠭᠵᠢᠯ ᠳᠤ ᠡᠶᠡᠷᠭᠦ ᠪᠠᠷ ᠨᠥᠯᠥᠭᠡᠯᠡᠳᠡᠭ ᠃       ᠬᠤᠭᠤᠯᠠ ᠲᠡᠵᠢᠭᠡᠯ ᠤᠨ ᠳᠤᠲᠠᠭᠳᠠᠯ ᠲᠠᠢ ᠂ ᠰᠤᠯᠠ ᠪᠡᠶ᠎ᠡ ᠲᠠᠢ ᠬᠥᠮᠦᠰ ᠄ ᠢᠮᠠᠭᠠᠨ ᠤ ᠰᠦ ᠨᠢ ᠡᠷᠴᠢ ᠬᠦᠴᠦ ᠰᠡᠷᠭᠦᠭᠡᠵᠦ ᠂ ᠳᠠᠷᠬᠠᠯᠠᠭ᠎ᠠ ᠶᠢ ᠳᠡᠮᠵᠢᠬᠦ ᠳᠤ ᠲᠣᠬᠢᠷᠠᠮᠵᠢᠲᠠᠢ ᠃       ᠠᠷᠬᠠᠭ ᠡᠪᠡᠳᠴᠢᠲᠡᠶ ᠬᠥᠮᠦᠰ ᠄ ᠢᠯᠠᠩᠭᠤᠶ᠎ᠠ ᠠᠭᠤᠰᠬᠢᠨ ᠤ ᠰᠦᠷᠢᠶ᠎ᠡ ᠂ ᠴᠢᠰᠤ ᠪᠠᠭᠠᠳᠠᠯᠲᠠ ᠂ ᠠᠷᠬᠠᠭ ᠪᠥᠭᠡᠷᠡᠨ ᠤ ᠦᠷᠪᠢᠰᠦᠯ ᠲᠠᠢ ᠬᠥᠮᠦᠰ ᠬᠡᠷᠡᠭᠯᠡᠬᠦ ᠳᠤ ᠲᠣᠬᠢᠷᠠᠮᠵᠢᠲᠠᠢ ᠃       ᠢᠮᠠᠭᠠᠨ ᠤ ᠰᠦ ᠶᠢ ᠬᠡᠷᠡᠭᠯᠡᠬᠦ ᠳᠤ ᠲᠣᠬᠢᠷᠠᠮᠵᠢ ᠦᠭᠡᠢ ᠬᠥᠮᠦᠰ       ᠬᠤᠷᠴᠠ ᠪᠥᠭᠡᠷᠡᠨ ᠤ ᠦᠷᠪᠢᠰᠦᠯ ᠂ ᠪᠥᠭᠡᠷᠡᠨ ᠤ ᠳᠤᠲᠠᠭᠳᠠᠯ ᠲᠠᠢ ᠬᠥᠮᠦᠰ ᠄ ᠢᠮᠠᠭᠠᠨ ᠤ ᠰᠦ ᠨᠢ ᠪᠥᠭᠡᠷᠡᠨ ᠳᠤ ᠠᠴᠢᠶᠠᠯᠠᠯ ᠥᠭᠬᠦ ᠡᠷᠡᠰᠳᠡᠯ ᠲᠠᠢ ᠃       ᠠᠷᠬᠠᠭ ᠭᠡᠳᠡᠰᠦᠨ ᠤ ᠦᠷᠪᠢᠰᠦᠯ ᠲᠠᠢ ᠬᠥᠮᠦᠰ ᠄ ᠬᠡᠪᠡᠯᠢ ᠶᠢ ᠳᠦᠭᠦᠷᠭᠡᠬᠦ ᠂ ᠰᠢᠷᠬ᠎ᠠ ᠡᠳᠡᠭᠡᠷᠡᠯᠲᠡ ᠶᠢ ᠤᠳᠠᠭᠠᠰᠢᠷᠠᠭᠤᠯᠬᠤ ᠮᠠᠭᠠᠳᠯᠠᠯ ᠲᠠᠢ ᠃       ᠮᠡᠰᠡ ᠵᠠᠰᠠᠯ ᠤᠨ ᠳᠠᠷᠠᠭᠠᠬᠢ ᠡᠪᠡᠳᠴᠢᠲᠡᠨ ᠨᠦᠭᠦᠳ ᠄ ᠢᠯᠠᠩᠭᠤᠶ᠎ᠠ ᠬᠡᠪᠡᠯᠢ ᠶᠢᠨ ᠬᠠᠭᠠᠯᠭᠠᠨ ᠤ ᠳᠠᠷᠠᠭᠠᠬᠢ 1-2 ᠵᠢᠯ ᠤᠨ ᠬᠤᠭᠤᠴᠠᠭᠠᠨ ᠳᠤ ᠬᠡᠷᠡᠭᠯᠡᠬᠦ ᠠᠴᠠ ᠵᠠᠶᠢᠯᠠᠰᠬᠢᠬᠦ ᠨᠢ ᠵᠦᠢ ᠲᠠᠢ ᠃       ᠢᠮᠠᠭᠠᠨ ᠤ ᠰᠦᠨ ᠤ ᠡᠮᠴᠢᠯᠡᠭᠡᠨ ᠤ ᠦᠢᠯᠡᠴᠢᠯᠡᠭᠡ       ᠠᠮᠲᠠᠯᠢᠭ ᠂ ᠳᠤᠯᠠᠭᠠᠨ ᠴᠢᠨᠠᠷᠲᠠᠢ ᠲᠤᠯᠠ ᠄        ᠬᠤᠳᠣᠭᠤᠳᠤ ᠶᠢ ᠴᠢᠭᠢᠭᠰᠢᠭᠦᠯᠵᠦ ᠂ ᠪᠡᠶ᠎ᠡ ᠶᠢ ᠲᠡᠩᠬᠡᠷᠡᠭᠦᠯᠬᠦ       ᠪᠥᠭᠡᠷᠡᠨ ᠤ ᠦᠢᠯᠡ ᠠᠵᠢᠯᠯᠠᠭ᠎ᠠ ᠶᠢ ᠳᠡᠮᠵᠢᠬᠦ       ᠬᠤᠣᠷᠳᠠᠯᠭ᠎ᠠ ᠲᠠᠶᠢᠯᠬᠤ ᠂ ᠭᠡᠳᠡᠰᠦ ᠴᠡᠪᠡᠷᠯᠡᠬᠦ ᠦᠢᠯᠡᠴᠢᠯᠡᠭᠡ ᠲᠠᠢ ᠃       ᠡᠪᠡᠳᠴᠢᠯᠡᠯ ᠤᠨ ᠦᠶ᠎ᠡ ᠳᠤ ᠬᠡᠷᠡᠭᠯᠡᠬᠦ ᠄        ᠠᠭᠤᠰᠬᠢᠨ ᠤ ᠰᠦᠷᠢᠶ᠎ᠡ ᠂ ᠬᠠᠨᠢᠶᠠᠯᠭᠠᠬᠤ ᠂ ᠴᠢᠰᠤ ᠲᠠᠢ ᠬᠠᠨᠢᠶᠠᠬᠤ       ᠰᠢᠩᠭᠡᠨ ᠠᠯᠳᠠᠬᠤ ᠂ ᠪᠥᠭᠡᠯᠵᠢᠬᠦ ᠂ ᠰᠢᠷᠬᠠᠯᠠᠭ᠎ᠠ ᠵᠡᠷᠭᠡ ᠳᠤ ᠬᠡᠷᠡᠭᠯᠡᠵᠦ ᠪᠣᠯᠣᠨ᠎ᠠ ᠃       ᠨᠢᠷᠠᠢ ᠬᠡᠦᠬᠡᠳ ᠤᠨ ᠠᠮᠠᠨ ᠤ ᠰᠢᠷᠬ᠎ᠠ ᠶᠢ ᠡᠳᠡᠭᠡᠭᠡᠬᠦ ᠳᠤ ᠄ ᠢᠮᠠᠭᠠᠨ ᠤ ᠰᠦ ᠶᠢ ᠠᠭᠤᠰᠬᠠᠵᠤ ᠂ ᠠᠮᠠ ᠤᠷᠤᠭᠤ ᠪᠠᠭ᠎ᠠ ᠪᠠᠭ᠎ᠠ ᠪᠠᠷ ᠬᠢᠨ᠎ᠡ ᠃       ᠠᠷᠠᠰᠤᠨ ᠤ ᠰᠢᠷᠬ᠎ᠠ ᠂ ᠬᠠᠷᠰᠢᠯ ᠤᠨ ᠦᠶ᠎ᠡ ᠳᠤ ᠄ ᠢᠮᠠᠭᠠᠨ ᠤ ᠰᠦ ᠶᠢ ᠠᠷᠠᠰᠤᠨ ᠳᠤ ᠲᠦᠷᠬᠢᠵᠦ ᠬᠡᠷᠡᠭᠯᠡᠨ᠎ᠡ ᠃       ᠢᠮᠠᠭᠠᠨ ᠤ ᠰᠦᠨ ᠤ ᠰᠢᠮ᠎ᠡ ᠲᠡᠵᠢᠭᠡᠯ ᠪᠠ ᠠᠷᠠᠰᠤ ᠠᠷᠠᠴᠢᠯᠠᠭ᠎ᠠ       ᠡᠮᠡᠭᠲᠡᠶᠢᠴᠦᠳ ᠤᠨ ᠬᠤᠪᠢ ᠳᠤ ᠄        ᠢᠮᠠᠭᠠᠨ ᠤ ᠰᠦᠨ ᠳᠤ ᠠᠭᠤᠯᠤᠭᠳᠠᠬᠤ ᠸᠢᠲ᠋ᠠᠮᠢᠨ E ᠨᠢ ᠠᠷᠠᠰᠤ ᠶᠢ ᠵᠠᠯᠠᠭᠤᠵᠢᠭᠤᠯᠤᠨ ᠂ ᠤᠶᠠᠨ ᠬᠠᠲᠠᠨ ᠪᠠᠶᠢᠯᠭᠠᠵᠤ ᠂ ᠭᠡᠷᠡᠯᠲᠦᠭᠰᠡᠨ ᠥᠩᠭᠡ ᠣᠷᠣᠭᠤᠯᠳᠠᠭ ᠃       ᠠᠬᠠᠮᠠᠳ ᠨᠠᠰᠤᠲᠠᠨ ᠨᠤᠭᠤᠳ ᠲᠤ ᠄        ᠢᠮᠠᠭᠠᠨ ᠤ ᠰᠦ ᠨᠢ ᠳᠤᠯᠠᠭᠠᠨ ᠴᠢᠨᠠᠷᠲᠠᠢ ᠲᠤᠯᠠ ᠲᠡᠩᠬᠡᠭᠡ ᠶᠢ ᠰᠡᠷᠭᠦᠭᠡᠬᠦ ᠳᠤ ᠲᠤᠰᠠᠲᠠᠢ ᠃ ᠮᠦᠨ ᠡᠰ ᠤᠨ ᠥᠰᠦᠯᠲᠡ ᠶᠢ ᠳᠡᠮᠵᠢᠵᠦ ᠂ ᠠᠮᠢᠰᠬᠤᠯ ᠤᠨ ᠪᠣᠯᠣᠨ ᠬᠤᠭᠤᠯᠠ ᠪᠣᠯᠪᠠᠰᠤᠷᠠᠭᠤᠯᠬᠤ ᠵᠠᠮ ᠤᠨ ᠰᠠᠯᠢᠰᠤᠲᠤ ᠶᠢ ᠰᠡᠷᠭᠦᠭᠡᠨ᠎ᠡ ᠃       ᠪᠡᠶ᠎ᠡ ᠮᠠᠬᠠᠪᠤᠳ ᠲᠤ ᠬᠢᠯᠪᠠᠷ ᠰᠢᠩᠭᠡᠳᠡᠭ ᠄        ᠢᠮᠠᠭᠠᠨ ᠤ ᠰᠦᠨ ᠤ ᠥᠭᠡᠬᠦ ᠲᠣᠰᠣᠨ ᠤ ᠮᠣᠯᠧᠺᠦ᠋ᠯ ᠦᠬᠡᠷ ᠤᠨ ᠰᠦᠨ ᠤ ᠠᠴᠠ ᠭᠤᠷᠪᠠ ᠳᠠᠬᠢᠨ ᠵᠢᠵᠢᠭ ᠲᠤᠯᠠ ᠰᠢᠩᠭᠡᠴᠡ ᠰᠠᠶᠢᠲᠠᠢ ᠪᠠᠶᠢᠳᠠᠭ ᠃      
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号