ᠱᠠᠨ ᠰᠢ ᠶᠢᠨ ᠢᠦ ᠢᠦᠢ ᠶᠢᠨ ᠬᠤᠨᠢᠨ ᠤ ᠮᠢᠬ᠎ᠠ
ᠨᠡᠶᠢᠲᠡᠯᠡᠭᠰᠡᠨ ᠴᠠᠭ᠄
2024/11/29
      ᠡᠬᠢ ᠰᠤᠷᠪᠤᠯᠵᠢ ᠄ ᠳᠤᠮᠳᠠᠳᠤ ᠤᠨ ᠮᠠᠯ ᠠᠵᠤ ᠠᠬᠤᠢ ᠶᠢᠨ ᠰᠤᠨᠢᠨ       ᠱᠠᠨ ᠰᠢ ᠶᠢᠨ ᠢᠦ ᠢᠦᠢ ᠶᠢᠨ ᠬᠤᠨᠢᠨ ᠤ ᠮᠢᠬ᠎ᠠ ᠶᠠᠭᠠᠬᠢᠭᠠᠳ ᠣᠨᠴᠠᠭᠠᠢ ᠪᠤᠢ ︖       ᠱᠠᠨ ᠰᠢ ᠶᠢᠨ ᠢᠦ ᠢᠦᠢ ᠶᠢᠨ ᠬᠤᠨᠢᠨ ᠤ ᠮᠢᠬ᠎ᠠ ᠨᠢ ᠲᠣᠳᠣ ᠤᠯᠠᠭᠠᠨ ᠥᠩᠭᠡ ᠲᠠᠢ ᠂ ᠨᠠᠷᠢᠨ ᠮᠢᠬᠠᠯᠢᠭ ᠪᠦᠲᠦᠴᠡ ᠲᠠᠢ ᠂ ᠰᠢᠭᠦᠰᠦᠯᠢᠭ ᠠᠮᠲᠠᠲᠠᠢ ᠂ ᠥᠨᠳᠥᠷ ᠰᠢᠮ᠎ᠡ ᠲᠡᠵᠢᠭᠡᠯ ᠲᠠᠢ ᠪᠠᠷ ᠢᠶᠠᠨ ᠠᠯᠳᠠᠷᠲᠠᠢ ᠃ ᠡᠨᠡ ᠨᠢ ᠬᠤᠨᠢ ᠨᠤᠭᠤᠳ ᠤᠨ ᠴᠡᠪᠡᠷ ᠪᠠᠶᠢᠭᠠᠯᠢ ᠶᠢᠨ ᠪᠤᠯᠠᠭ ᠤᠨ ᠤᠰᠤ ᠶᠢ ᠤᠤᠭᠤᠵᠤ ᠂ ᠡᠪᠡᠰᠦ ᠤᠷᠭᠤᠮᠠᠯ ᠂ ᠤᠯᠠᠮᠵᠢᠯᠠᠯᠲᠤ ᠡᠮ ᠤᠨ ᠤᠷᠭᠤᠮᠠᠯ ᠢᠶᠠᠷ ᠲᠡᠵᠢᠭᠡᠭᠳᠡᠳᠡᠭ ᠲᠠᠢ ᠬᠤᠯᠪᠣᠭᠠᠲᠠᠢ ᠃       ᠣᠷᠣᠯᠭ᠎ᠠ ᠶᠢᠨ ᠡᠬᠢ ᠡᠭᠦᠰᠪᠦᠷᠢ ᠄        ᠵᠢᠱᠢᠶᠡᠯᠡᠪᠡᠯ ᠂ ᠮᠠᠯᠴᠢᠨ ᠸᠠᠩ 50 ᠬᠤᠨᠢ ᠦᠷᠡᠵᠢᠭᠦᠯᠵᠦ ᠂ 40 ᠭᠠ ᠭᠠᠵᠠᠷ ᠲᠠᠷᠢᠶᠠᠯᠠᠵᠤ ᠂ ᠵᠢᠯ ᠤᠨ ᠣᠷᠣᠯᠭ᠎ᠠ ᠨᠢ 4 ᠲᠦᠮᠡᠨ ᠶᠤᠸᠠᠨ ᠳᠤ ᠬᠦᠷᠦᠭᠰᠡᠨ ᠃ ᠡᠭᠦᠨ ᠠᠴᠠ ᠬᠤᠨᠢᠨ ᠤ ᠠᠵᠤ ᠠᠬᠤᠢ ᠨᠢ ᠨᠡᠶᠢᠲᠡ ᠣᠷᠣᠯᠭ᠎ᠠ ᠶᠢᠨ ᠬᠢᠨᠢ 60% ᠢ ᠡᠵᠡᠯᠡᠵᠦ ᠂ 2 ᠲᠦᠮᠡᠨ ᠶᠤᠸᠠᠨ ᠤ ᠠᠰᠢᠭ ᠠᠪᠴᠢᠷᠠᠵᠠᠢ ᠃       ᠮᠢᠬᠠᠨ ᠤ ᠴᠢᠨᠠᠷ ᠄        ᠱᠠᠨ ᠰᠢ ᠶᠢᠨ ᠢᠦ ᠢᠦᠢ ᠶᠢᠨ ᠬᠤᠨᠢᠨ ᠤ ᠮᠢᠬᠠᠨ ᠳᠤ ᠺᠠᠯᠢ ᠂ ᠮᠠᠭᠨᠢ ᠵᠡᠷᠭᠡ ᠠᠭᠤᠯᠤᠮᠵᠢ ᠪᠤᠰᠤᠳ ᠬᠤᠨᠢᠨ ᠤ ᠮᠢᠬ᠎ᠠ ᠠᠴᠠ ᠥᠨᠳᠥᠷ ᠪᠠᠶᠢᠳᠠᠭ ᠪᠥᠭᠡᠳ ᠡᠨᠡ ᠨᠢ ᠮᠠᠨ ᠤ ᠤᠯᠤᠰ ᠤᠨ ᠠᠩᠬᠠᠨ ᠤ ᠭᠠᠵᠠᠷ ᠵᠦᠢ ᠶᠢᠨ ᠵᠢᠭᠠᠯᠲᠠ ᠶᠢᠨ ᠪᠠᠲᠤᠯᠠᠭ᠎ᠠ ᠲᠠᠢ ᠮᠢᠬᠠᠨ ᠪᠦᠲᠦᠭᠡᠭᠳᠡᠬᠦᠨ ᠪᠣᠯᠣᠭᠰᠠᠨ ᠪᠠᠶᠢᠨ᠎ᠠ ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号