ᠤᠨᠳᠤᠷᠤᠯᠲᠤ ᠪᠠᠯᠭᠠᠰᠤ᠄ ᠮᠢᠩᠭᠠᠨ ᠮᠦ ᠰᠢᠬᠢᠷ ᠡᠪᠡᠰᠦ ᠪᠠᠷ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠠᠵᠤ ᠦᠢᠯᠡᠰ ᠤᠨ ᠬᠡᠯᠬᠢᠶ᠎ᠡ ᠶᠢ ᠪᠦᠷᠢᠯᠳᠣᠭᠦᠯᠪᠡ
ᠨᠡᠶᠢᠲᠡᠯᠡᠭᠰᠡᠨ ᠴᠠᠭ᠄
2024/11/8
    ᠤᠨᠳᠤᠷᠤᠯᠲᠤ ᠪᠠᠯᠭᠠᠰᠤᠨ ᠤ ᠪᠠᠷᠠᠭᠤᠨ ᠬᠥᠳᠡᠭᠡ ᠭᠠᠴᠠᠭ᠎ᠠ ᠨᠢ ᠭᠤᠷᠪᠠᠨ ᠵᠢᠯ ᠤᠷᠭᠤᠭᠰᠠᠨ 800 ᠮᠦ ᠰᠢᠬᠢᠷ ᠡᠪᠡᠰᠦ ᠶᠢᠨ ᠡᠯᠪᠡᠭ ᠬᠤᠷᠢᠶᠠᠯᠲᠠ ᠶᠢ ᠤᠭᠲᠤᠨ ᠠᠪᠴᠢᠷᠠᠪᠠ᠃ ᠨᠠᠷᠠᠨ ᠤ ᠲᠤᠰᠤᠯᠲᠠ ᠤᠷᠲᠤ᠂ ᠡᠲᠦᠷ ᠰᠦᠨᠢ ᠶᠢᠨ ᠳᠤᠯᠠᠭᠠᠨ ᠤ ᠵᠦᠷᠢᠶ᠎ᠡ ᠶᠡᠭᠡ᠂ ᠠᠭᠤᠷ ᠠᠮᠢᠰᠬᠤᠯ ᠬᠦᠷᠦᠰᠦ ᠰᠢᠷᠤᠢ ᠶᠢᠨ ᠨᠦᠬᠦᠴᠡᠯ ᠰᠠᠶᠢᠨ ᠵᠡᠷᠭᠡ ᠬᠦᠴᠦᠨ ᠵᠦᠢᠯ ᠠᠴᠠ ᠪᠤᠯᠵᠤ᠂ ᠤᠨᠳᠤᠷᠤᠯᠲᠤ ᠪᠠᠯᠭᠠᠰᠤᠨ ᠤ ᠬᠢᠲᠠᠳ ᠡᠮ ᠤᠨ ᠮᠠᠲ᠋ᠧᠷᠢᠶᠠᠯ ᠤᠨ ᠶᠠᠰᠤ ᠴᠢᠨᠠᠷ ᠪᠤᠯᠤᠨ ᠪᠦᠲᠦᠬᠡᠭᠲᠡᠭᠦᠨ ᠤ ᠶᠠᠰᠦ ᠴᠢᠨᠠᠷ ᠴᠦᠮ ᠲᠤᠮᠤ ᠬᠡᠯᠪᠡᠷᠢ ᠶᠢᠨ ᠡᠮ ᠤᠨ ᠦᠢᠯᠡᠳᠪᠦᠷᠢ ᠶᠢ ᠬᠤᠲᠠᠯᠲᠤᠨ ᠠᠪᠬᠤ ᠪᠠᠷᠢᠮᠵᠢᠶ᠎ᠠ ᠳᠤ ᠬᠦᠷᠴᠦ᠂ ᠵᠠᠬ᠎ᠠ ᠲᠡᠯᠭᠡᠭᠦᠷ ᠤᠨ ᠢᠷᠡᠬᠡᠲᠦᠢ ᠶᠡᠭᠡ ᠰᠠᠶᠢᠨ ᠪᠠᠶᠢᠵᠤ᠂ ᠣᠶᠢᠯᠠᠭᠠᠭᠰᠠᠨ ᠢᠶᠠᠷ᠂ ᠤᠨᠳᠤᠷᠤᠯᠲᠤ ᠪᠠᠯᠭᠠᠰᠤ 2024 ᠣᠨ ᠳᠤ ᠨᠡᠶᠢᠲᠡ 4000 ᠭᠠᠷᠤᠶ ᠮᠥ ᠰᠢᠬᠢᠷ ᠡᠪᠡᠰᠦ ᠲᠠᠷᠢᠵᠤ᠂ ᠪᠠᠷᠠᠭᠤᠨ ᠬᠥᠳᠡᠭᠡ ᠭᠠᠴᠠᠭ᠎ᠠ ᠳᠤ 1700 ᠮᠥ ᠰᠢᠬᠢᠷ ᠡᠪᠡᠰᠦ ᠲᠠᠷᠢᠵᠤ᠂ ᠡᠨᠡ ᠵᠢᠯ 800 ᠮᠥ ᠬᠤᠷᠢᠶᠠᠵᠤ᠂ ᠮᠦ ᠪᠦᠷᠢ ᠶᠢᠨ ᠤᠨᠠᠯᠲᠠ 2 ᠲᠣᠨ ᠣᠷᠴᠢᠮ ᠳᠤ ᠬᠦᠷᠴᠦ ᠴᠢᠳᠠᠪᠠ᠃
   ᠤᠨᠳᠤᠷᠤᠯᠲᠤ ᠪᠠᠯᠭᠠᠰᠤ ᠪᠠᠶᠢᠭᠠᠯᠢ ᠶᠢᠨ ᠡᠬᠢ ᠪᠠᠶᠠᠯᠢᠭ ᠤᠨ ᠳᠠᠪᠠᠭᠤᠯᠢᠭ ᠪᠠ ᠠᠵᠤ ᠦᠢᠯᠡᠰ ᠤᠨ ᠰᠠᠭᠤᠷᠢ ᠳᠤ ᠲᠦᠰᠢᠭᠯᠡᠨ᠂ ᠳᠠᠷᠢᠬᠤ ᠠᠴᠠ ᠬᠤᠷᠢᠶᠠᠬᠤ ᠬᠦᠷᠲᠡᠯ᠎ᠡ᠂ ᠬᠡᠪᠴᠢᠶᠡᠵᠢᠭᠦᠯᠦᠭᠰᠡᠨ ᠲᠠᠷᠢᠮᠠᠯ ᠢ ᠶᠡᠬᠡᠪᠡᠷ ᠳᠡᠯᠭᠡᠷᠡᠭᠦᠯᠵᠦ᠂ ᠬᠢᠲᠠᠳ ᠡᠮ ᠤᠨ ᠮᠠᠲ᠋ᠧᠷᠢᠶᠠᠯ ᠤᠨ ᠬᠡᠪᠴᠢᠶᠡᠵᠢᠯᠲᠡ᠂ ᠪᠠᠷᠢᠮᠵᠢᠶᠠᠵᠢᠭᠤᠯᠤᠭᠰᠠᠨ ᠦᠢᠯᠡᠳᠪᠦᠷᠢᠯᠡᠯ ᠤᠨ ᠬᠢᠷᠢ ᠲᠦᠪᠰᠢᠨ ᠢ ᠳᠡᠭᠡᠭᠰᠢᠯᠡᠭᠦᠯᠦᠨ᠂ ︽ᠨᠠᠮ ᠤᠨ ᠡᠭᠦᠷ + ᠰᠠᠭᠤᠷᠢᠨ ᠭᠠᠵᠠᠷ + ᠭᠡᠷ ᠪᠦᠯᠢ ᠶᠢᠨ ᠲᠠᠷᠢᠶᠠᠯᠠᠩ ᠤᠨ ᠲᠠᠯᠠᠪᠠᠢ + ᠲᠠᠷᠢᠶᠠᠴᠢᠨ ᠡᠷᠦᠬᠡ︾᠂ ︽ᠨᠠᠮ ᠤᠨ ᠡᠭᠦᠷ + ᠬᠤᠷᠰᠢᠶᠠᠵᠢᠯ + ᠰᠢᠯᠢᠳᠡᠭ ᠠᠵᠤ ᠠᠬᠤᠶᠢᠯᠠᠯ︾ ᠵᠡᠷᠭᠡ ᠠᠷᠭ᠎ᠠ ᠬᠡᠯᠪᠡᠷᠢ ᠶᠢ ᠠᠪᠴᠤ᠂ ᠲᠠᠷᠢᠶᠠᠴᠢᠨ ᠡᠷᠦᠬᠡ ᠶᠢᠨ ᠣᠷᠣᠯᠭ᠎ᠠ ᠶᠢ ᠨᠡᠮᠡᠭᠳᠡᠭᠦᠯᠦᠨ ᠪᠠᠶᠠᠵᠢᠭᠤᠯᠬᠤ ᠲᠠᠢ ᠣᠷᠭᠠᠨᠢᠭ ᠢᠶᠠᠷ ᠤᠶᠠᠯᠳᠤᠭᠤᠯᠬᠤ ᠶᠢ ᠠᠬᠢᠭᠤᠯᠵᠤ᠂ ᠭᠠᠴᠠᠭᠠᠨ ᠤ ᠬᠠᠮᠲᠤ ᠶᠢᠨ ᠦᠮᠴᠢᠯᠡᠯ᠂ ᠠᠵᠤ ᠠᠬᠤᠶᠢᠯᠠᠯ᠂ ᠬᠤᠷᠰᠢᠶᠠᠵᠢᠯ᠂ ᠬᠡᠷ ᠪᠦᠯᠢ ᠶᠢᠨ ᠲᠠᠷᠢᠶᠠᠯᠠᠩ ᠤᠨ ᠲᠠᠯᠠᠪᠠᠶ᠂ ᠲᠠᠷᠢᠶᠠᠴᠢᠨ ᠡᠷᠦᠬᠡ ᠶᠢᠨ ︽ᠲᠠᠪᠤᠨ ᠲᠠᠯ᠎ᠠ ᠪᠠᠷ ᠢᠶᠠᠨ ᠬᠠᠮᠲᠤ ᠪᠠᠷ ᠠᠰᠢᠭ ᠭᠥᠷᠳᠡᠬᠦ︾᠎ ᠶᠢ ᠪᠡᠶᠡᠯᠡᠭᠦᠯᠵᠦ᠂ ᠭᠤᠷᠪᠠᠨ ᠠᠵᠤ ᠦᠢᠯᠡᠰ ᠤᠨ ᠭᠦᠨᠵᠡᠭᠡᠶ ᠠᠭᠤᠰᠤᠯᠴᠠᠯ ᠢ ᠠᠬᠢᠭᠤᠯᠤᠨ᠂ ᠬᠢᠲᠠᠳ ᠡᠮ ᠤᠨ ᠮᠠᠲ᠋ᠧᠷᠢᠶᠠᠯ ᠤᠨ ᠠᠵᠤ ᠦᠢᠯᠡᠰ ᠤᠨ ᠪᠥᠬᠦ ᠭᠤᠭᠴᠤᠭ᠎ᠠ ᠶᠢᠨ ᠲᠠᠰ ᠳᠡᠪᠰᠢᠬᠦ᠂ ᠪᠥᠬᠦ ᠬᠡᠯᠬᠢᠶ᠎ᠡ ᠶᠢᠨ ᠥᠷᠲᠡᠭ ᠢ ᠳᠡᠭᠡᠭᠰᠢᠯᠡᠭᠦᠯᠬᠦ ᠶᠢ ᠪᠡᠶᠡᠯᠡᠭᠦᠯᠪᠡ᠃    ︽ᠮᠠᠨ ᠤ ᠤᠨᠳᠤᠷᠤᠯᠲᠤ ᠪᠠᠯᠭᠠᠰᠤᠨ ᠤ ᠰᠢᠬᠢᠷ ᠡᠪᠡᠰᠦ ᠶᠢᠨ ᠴᠢᠨᠠᠷ ᠰᠠᠶᠢᠨ᠂ ᠡᠮ ᠳᠤ ᠬᠡᠷᠡᠭᠯᠡᠬᠦ ᠦᠨ᠎ᠡ ᠥᠷᠲᠡᠭ ᠥᠨᠳᠥᠷ᠂ ᠡᠳ᠋ᠰᠢᠭᠦᠯᠬᠦ ᠪᠠᠷ ᠳᠠᠮᠵᠢᠨ ᠺᠢᠯᠣᠭ᠍ᠷᠠᠮ ᠪᠦᠷᠢ ᠳᠤᠮᠳᠠᠴᠢ ᠪᠠᠷ 20—25 ᠲᠥᠭᠦᠷᠢᠭ ᠤᠨ ᠣᠷᠴᠢᠮ ᠢᠶᠠᠷ ᠬᠤᠳᠠᠯᠳᠤᠵᠤ᠂ ᠬᠠᠮᠤᠭ ᠤᠨ ᠰᠠᠶᠢᠨ ᠳ᠋ᠢᠶᠠᠮᠧᠲᠷ ᠨᠢ 1.5 ᠰᠠᠨᠲ᠋ᠢᠮᠧᠲᠷ ᠤᠨ ᠰᠢᠬᠢᠷ ᠡᠪᠡᠰᠦ  ᠎ ᠨᠢ 35 ᠲᠦᠭᠦᠷᠢᠭ ᠣᠷᠴᠢᠮ ᠳᠤ ᠬᠦᠷᠳᠡᠭ᠂ ᠬᠤᠷᠰᠢᠶᠠᠵᠢᠯ ᠪᠠᠷᠤᠭ ᠨᠢᠭᠡ ᠵᠢᠯ 3000 ᠲᠣᠨ ᠣᠷᠴᠢᠮ ᠡᠳ᠋ᠰᠢᠭᠦᠯᠵᠦ ᠪᠦᠬᠦ ᠤᠯᠤᠰ ᠤᠨ ᠡᠯ᠎ᠡ ᠭᠠᠵᠠᠷ ᠲᠤ ᠪᠣᠷᠣᠯᠠᠭᠤᠯᠵᠤ ᠪᠠᠶᠢᠨ᠎ᠠ︾ ᠭᠡᠵᠤ ᠤᠨᠳᠤᠷᠤᠯᠲᠤ ᠪᠠᠯᠭᠠᠰᠤᠨ ᠤ ᠳ᠋ᠧ ᠮᠢᠨ ᠲᠠᠷᠢᠶᠠᠴᠢᠨ ᠤ ᠲᠤᠰᠬᠠᠶ ᠬᠤᠷᠰᠢᠶᠠᠵᠢᠯ ᠤᠨ ᠬᠠᠷᠢᠭᠤᠴᠠᠯᠭᠠᠲᠠᠨ ᠸᠠᠩ ᠴᠢᠤᠸᠠᠨ ᠰᠢᠶᠠᠨ ᠬᠡᠯᠡᠪᠡ᠃     ᠤᠶᠢᠷ᠎ᠠ ᠶᠢᠨ ᠵᠢᠯ ᠳᠤ᠂ ᠤᠨᠳᠤᠷᠤᠯᠲᠤ ᠪᠠᠯᠭᠠᠰᠤ ᠤᠯᠤᠰ ᠤᠨ ᠣᠨᠴᠠᠯᠢᠭᠲᠤ ᠬᠢᠲᠠᠳ ᠡᠮ ᠡᠮᠨᠡᠯᠭᠡ ᠶᠢᠨ ᠠᠵᠤ ᠦᠢᠯᠡᠰ ᠢ ᠶᠡᠬᠡᠪᠡᠷ ᠬᠥᠭᠵᠢᠭᠦᠯᠬᠦ ᠠᠵᠠ ᠲᠣᠬᠢᠶᠠᠯ ᠢ ᠠᠳᠬᠤᠵᠤ᠂ ᠠᠵᠤ ᠦᠢᠯᠡᠰ ᠤᠨ ᠬᠡᠯᠬᠢᠶ᠎ᠡ ᠶᠢ ᠪᠤᠶᠢᠵᠢᠭᠤᠯᠬᠤ ᠲᠠᠢ ᠨᠢᠭᠲᠠ ᠤᠶᠠᠯᠳᠤᠭᠤᠯᠤᠨ᠂ ︽ᠨᠠᠮ ᠤᠨ ᠡᠭᠦᠷ ᠬᠥᠲᠥᠯᠥᠨ ᠳᠠᠭᠠᠭᠤᠯᠬᠤ᠂ ᠭᠡᠷ ᠪᠦᠯᠢ ᠶᠢᠨ ᠲᠠᠷᠢᠶᠠᠯᠠᠩ ᠤᠨ ᠲᠠᠯᠠᠪᠠᠢ ᠪᠠᠷ ᠲᠤᠯᠭᠠᠭᠤᠷᠢᠯᠠᠬᠤ᠂  ᠬᠤᠷᠰᠢᠶᠠᠵᠢᠯ ᠬᠠᠮᠵᠢᠯᠴᠠᠬᠤ᠂ ᠲᠠᠷᠢᠶᠠᠴᠢᠨ ᠡᠷᠦᠬᠡ ᠣᠷᠣᠯᠴᠠᠬᠤ︾ ᠦᠨᠳᠦᠰᠦᠨ ᠠᠷᠭ᠎ᠠ ᠵᠠᠮ ᠤᠨ ᠲᠠᠭᠠᠣ᠂ ᠰᠠᠭᠤᠷᠢᠨ ᠭᠠᠵᠠᠷ ᠤᠨ ᠪᠦᠲᠦᠭᠡᠨ ᠪᠠᠶᠢᠭᠤᠯᠤᠯᠲᠠ᠂ ᠦᠢᠯᠡᠳᠬᠦᠨ ᠡᠳ᠋ᠰᠢᠭᠦᠯᠬᠦ᠂ ᠵᠠᠬ᠎ᠠ ᠳᠡᠯᠭᠡᠭᠦᠷ ᠤᠨ ᠡᠵᠡᠩᠨᠡᠯᠲᠡ ᠪᠣᠷᠣᠯᠠᠭᠤᠯᠭ᠎ᠠ ᠵᠡᠷᠭᠡ ᠲᠠᠯ᠎ᠠ ᠪᠠᠷ ᠨᠢᠭᠡᠳᠦᠯᠲᠡᠶ ᠲᠥᠯᠥᠪᠯᠡᠨ ᠠᠬᠢᠭᠤᠯᠵᠤ᠂ ᠯᠠᠨᠵᠧᠤ ᠶᠢᠨ ᠼᠢ ᠵᠢᠶ ᠡᠮ ᠤᠨ ᠦᠢᠯᠡᠰ ᠤᠨ ᠬᠢᠵᠠᠭᠠᠷᠲᠤ ᠺᠣᠮᠫᠠᠨᠢ᠂ ᠭᠠᠨᠰᠦ ᠶᠢᠨ ᠹᠦ᠋ ᠵᠧᠩ ᠡᠮ ᠤᠨ ᠦᠢᠯᠡᠰ ᠤᠨ ᠬᠢᠵᠠᠭᠠᠷᠲᠤ ᠺᠣᠮᠫᠠᠨᠢ ᠵᠡᠷᠭᠡ ᠲᠠᠢ ᠬᠠᠮᠲᠤᠷᠠᠯᠴᠠᠭᠠᠨ ᠤ ᠬᠡᠯᠡᠯᠴᠡᠭᠡᠷ ᠲᠣᠭᠳᠠᠭᠠᠵᠤ᠂ ᠪᠣᠷᠣᠯᠠᠭᠤᠯᠬᠤ ᠠᠷᠭ᠎ᠠ ᠵᠠᠮ ᠢᠶᠠᠨ ᠦᠷᠭᠡᠳᠬᠡᠪᠡ᠃ ᠢᠳᠡᠪᠬᠢᠲᠡᠢ ᠪᠠᠷ ᠪᠡᠯᠡ ᠣᠷᠣᠭᠤᠯᠬᠤ ᠪᠠᠷ ᠴᠢᠷᠮᠠᠶᠢᠵᠤ᠂ ᠪᠠᠷᠠᠭᠤᠨ ᠬᠥᠳᠡᠭᠡ ᠭᠠᠴᠠᠭ᠎ᠠ ᠳᠤ ᠤᠬᠢᠶᠠᠵᠤ ᠴᠡᠪᠡᠷᠯᠡᠬᠦ᠂ ᠬᠠᠲᠠᠭᠠᠬᠤ᠂ ᠬᠡᠷᠴᠢᠭᠦᠷ ᠮᠠᠰᠢᠨ᠂ ᠬᠠᠭᠰᠠᠭᠠᠵᠤ ᠬᠠᠲᠠᠭᠠᠬᠤ᠂ ᠢᠯᠭᠠᠬᠤ ᠵᠡᠷᠭᠡ ᠤᠯᠠᠨ ᠵᠦᠢᠯ ᠤᠨ ᠠᠵᠢᠯ ᠤᠨ ᠲᠡᠰ ᠳᠠᠷᠠᠭᠠᠯᠠᠯ ᠢ ᠨᠢᠭᠡ ᠴᠣᠭᠴᠠᠵᠢᠭᠤᠯᠤᠭᠰᠠᠨ ᠬᠢᠲᠠᠳ ᠡᠮ ᠤᠨ ᠮᠠᠲ᠋ᠧᠷᠢᠶᠠᠯ ᠦᠢᠯᠡᠳᠪᠦᠷᠢᠯᠡᠵᠦ ᠡᠳ᠋ᠰᠢᠭᠦᠯᠬᠦ ᠰᠠᠭᠤᠷᠢᠨ ᠭᠠᠵᠠᠷ ᠪᠣᠯᠣᠨ ᠬᠢᠲᠠᠳ ᠡᠮ ᠤᠨ ᠮᠠᠲ᠋ᠧᠷᠢᠶᠠᠯ ᠢ ᠬᠡᠷᠴᠢᠵᠦ ᠪᠣᠯᠪᠠᠰᠤᠷᠠᠭᠤᠯᠬᠤ ᠴᠤᠪᠤᠷᠠᠯ ᠱᠤᠭᠤᠮ ᠢ ᠪᠠᠶᠢᠭᠤᠯᠵᠤ᠂ ᠵᠢᠱᠢᠯᠲᠡ ᠪᠠᠷ ᠡᠳᠦᠷ ᠤᠨ ᠬᠠᠮᠤᠭ ᠤᠨ ᠶᠡᠭᠡ ᠡᠳ᠋ᠰᠢᠭᠦᠯᠦᠨ ᠦᠢᠯᠡᠳᠪᠦᠷᠢᠯᠡᠬᠦ ᠴᠢᠳᠠᠪᠤᠷᠢ ᠨᠢ 20 ᠲᠣᠨ᠂ ᠵᠢᠯ ᠳᠤ 12500 ᠲᠣᠨ ᠬᠢᠲᠠᠳ ᠡᠮ ᠤᠨ ᠲᠦᠭᠦᠬᠡᠢ ᠮᠠᠲ᠋ᠧᠷᠢᠶᠠᠯ ᠪᠣᠯᠪᠠᠰᠣᠷᠠᠭᠤᠯᠣᠨ᠎ᠠ᠃    ᠪᠦᠷᠢᠳᠬᠡᠯ ᠢ ᠦᠨᠳᠦᠰᠦᠯᠡᠪᠡᠯ᠂ ᠣᠳᠣᠬᠠᠨ ᠳᠤ᠂ ᠤᠨᠳᠤᠷᠤᠯᠲᠤ ᠪᠠᠯᠭᠠᠰᠤᠨ ᠤ ᠬᠤᠨᠴᠢᠷ᠂ ᠰᠢᠬᠢᠷ ᠡᠪᠡᠰᠦ᠂ ᠠᠶᠢᠷᠠᠭ ᠡᠪᠡᠰᠦ᠂ ᠬᠠᠢ ᠨᠠ᠂ ᠬᠦᠷᠭᠦᠮ ᠵᠡᠷᠭᠡ ᠬᠢᠲᠠᠳ ᠡᠮ ᠤᠨ ᠮᠠᠲ᠋ᠧᠷᠢᠶᠠᠯ ᠤᠨ ᠲᠠᠷᠢᠮᠠᠯ ᠤᠨ ᠲᠠᠯᠠᠪᠠᠢ 1.16 ᠲᠦᠮᠡᠨ ᠮᠦ ᠳᠤ ᠬᠦᠷᠴᠦ᠂ ᠵᠢᠯ ᠤᠨ ᠪᠣᠷᠣᠯᠠᠭᠤᠯᠤᠯᠲᠠ ᠶᠢᠨ ᠣᠷᠣᠯᠭ᠎ᠠ 1800 ᠲᠦᠮᠡᠨ ᠲᠥᠭᠦᠷᠢᠭ ᠲᠤ ᠬᠦᠷᠴᠡᠢ
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号