| ᠠᠯᠠᠱᠠ ᠵᠡᠭᠦᠨ ᠬᠤᠰᠢᠭᠤᠨ ᠤ ᠵᠡᠭᠦᠨ ᠪᠠᠯ ᠪᠠᠯᠭᠠᠰᠤ ᠨᠢ ᠠᠯᠠᠱᠠ ᠶᠢᠨ ᠠᠵᠤ ᠠᠬᠤᠶ ᠶᠢᠨ ᠨᠡᠭᠡᠭᠡᠯᠲᠡ ᠶᠢᠨ | ᠲᠣᠭᠤᠷᠢᠭ ᠲᠠᠢ ᠵᠠᠯᠭᠠᠯᠳᠤᠵᠤ᠂ ᠡᠮᠦᠨ᠎ᠡ ᠲᠠᠯ᠎ᠠ ᠨᠢ ᠨᠢᠩᠰᠢᠶᠠ ᠶᠢᠨ ᠬᠤᠲᠣᠩ ᠦᠨᠳᠦᠰᠦᠲᠡᠨ ᠤ ᠥᠪᠡᠷᠲᠡᠭᠡᠨ | ᠵᠠᠰᠠᠬᠤ ᠣᠷᠣᠨ ᠤ ᠱᠢ ᠽᠦᠢ ᠱᠠᠨ ᠬᠤᠲᠠ ᠲᠠᠢ ᠵᠠᠯᠭᠠᠯᠳᠤᠵᠤ᠂ ᠪᠠᠷᠠᠭᠤᠨ ᠲᠠᠯ᠎ᠠ ᠨᠢ ᠠᠯᠠᠱᠠ ᠵᠡᠭᠦᠨ | ᠬᠤᠰᠢᠭᠤᠨ ᠤ ᠪᠠᠶᠠᠨᠬᠤᠲᠠ ᠲᠠᠢ ᠬᠥᠷᠰᠢᠯᠡᠵᠦ᠂ ᠤᠮᠠᠷᠠᠰᠢ ᠠᠯᠠᠱᠠ ᠵᠡᠭᠦᠨ ᠬᠤᠰᠢᠭᠤᠨ ᠤ ᠵᠢᠷᠠᠲᠠᠶ ᠪᠠᠯᠭᠠᠰᠤ ᠲᠠᠢ | ᠵᠠᠯᠭᠠᠯᠳᠤᠵᠤ᠂ ᠶᠡᠷᠦᠩᠬᠡᠶ ᠲᠠᠯᠠᠪᠠᠶ ᠨᠢ 2024.4 ᠲᠡᠭᠰᠢ ᠳᠥᠷᠪᠡᠯᠵᠢᠨ ᠺᠢᠯᠤᠮᠧᠲᠷ ᠪᠠᠶᠢᠵᠤ᠂ ᠠᠭᠤᠷᠬᠠᠢ ᠶᠢᠨ | ᠡᠬᠢ ᠪᠠᠶᠠᠯᠢᠭ ᠡᠯᠪᠡᠭ ᠳᠡᠯᠪᠡᠭ᠂ ᠮᠥᠨ ᠪᠦᠬᠦ ᠠᠶᠢᠮᠠᠭ ᠤᠨ ᠨᠡᠭᠦᠷᠡᠰᠦᠨ ᠤ ᠡᠬᠢ ᠪᠠᠶᠠᠯᠢᠭ ᠡᠯᠪᠡᠭ ᠳᠡᠯᠪᠡᠭ | ᠣᠷᠣᠨ ᠤ ᠨᠢᠭᠡ ᠨᠢ ᠪᠣᠯᠬᠤ ᠶᠤᠮ᠃ ᠵᠠᠭᠤᠨ ᠲᠦᠮᠡᠨ ᠮᠦ ᠵᠠᠭ ᠤᠨ ᠤᠢ ᠨᠢ ᠠᠮᠢ ᠠᠬᠤᠢ ᠶᠢᠨ ᠬᠠᠮᠠᠭᠠᠯᠠᠯᠲᠠ ᠶᠢᠨ | ᠬᠠᠯᠬᠠᠪᠴᠢ ᠶᠢ ᠴᠣᠭᠴᠠᠯᠠᠨ ᠪᠠᠶᠢᠭᠤᠯᠪᠠ᠃ ᠰᠢᠨ᠎ᠡ ᠡᠨᠧᠷᠭᠢ ᠶᠢᠨ ᠬᠥᠭᠵᠢᠯᠲᠡ ᠶᠢᠨ ᠬᠠᠨᠳᠤᠰᠢ ᠴᠢᠩᠭ᠎ᠠ ᠪᠠᠶᠢᠵᠤ᠂ | ᠬᠤᠸᠠ ᠷᠦᠨ ᠰᠢᠨ᠎ᠡ ᠡᠨᠧᠷᠭᠢ ᠶᠢᠨ ᠠᠯᠠᠱᠠ ᠶᠢᠨ ᠵᠡᠭᠦᠨ ᠪᠡᠯ ᠳᠠᠬᠢ 200 ᠰᠠᠶ᠎ᠠ ᠸᠠᠲ ᠤᠨ ᠰᠠᠯᠬᠢᠨ ᠬᠦᠴᠦ ᠪᠠᠷ | ᠴᠠᠬᠢᠯᠭᠠᠨ ᠭᠠᠷᠭᠠᠬᠤ ᠲᠥᠷᠥᠯ ᠵᠦᠢᠯ ᠢ ᠪᠦᠬᠦ ᠪᠠᠭᠲᠠᠭᠠᠮᠵᠢ ᠪᠠᠷ ᠲᠣᠣᠷ ᠲᠤ ᠨᠡᠶᠢᠯᠡᠭᠦᠯᠵᠦ᠂ ᠴᠠᠬᠢᠯᠭᠠᠨ ᠲᠣᠣᠷ ᠤᠨ | ᠰᠢᠨᠵᠢᠯᠡᠬᠦ ᠤᠬᠠᠭᠠᠨᠴᠢ ᠲᠣᠭᠲᠠᠭᠤᠨ ᠢᠶᠠᠷ ᠠᠵᠢᠯᠯᠠᠬᠤ ᠳᠤ ᠬᠦᠴᠦᠨ ᠨᠡᠮᠡᠷᠢᠯᠡᠵᠦ᠂ ᠰᠢᠨ᠎ᠡ ᠡᠨᠧᠷᠭᠢ ᠶᠢᠨ ᠴᠠᠬᠢᠯᠭᠠᠨ | ᠡᠨᠧᠷᠭᠢ ᠶᠢ ᠰᠢᠯᠢᠳᠡᠭᠵᠢᠭᠦᠯᠦᠨ ᠠᠰᠢᠭᠯᠠᠬᠤ ᠶᠢ ᠪᠡᠶᠡᠯᠡᠭᠦᠯᠪᠡ᠃ | ᠤᠢᠢᠷ᠎ᠠ ᠶᠢᠨ ᠵᠢᠯ ᠠᠴᠠ᠂ ᠵᠡᠭᠦᠨ ᠪᠡᠯ ᠪᠠᠯᠭᠠᠰᠤ ︽ᠨᠢᠭᠡ ᠭᠠᠴᠠᠭ᠎ᠠ ᠨᠢᠭᠡ ᠨᠡᠷᠡᠲᠦ ᠲᠡᠮᠳᠡᠭᠲᠦ︾ ᠤᠨ | ᠤᠨᠴᠠᠯᠢᠬᠳᠤ ᠠᠵᠤ ᠦᠢᠯᠡᠰ ᠤᠨ ᠬᠥᠭᠵᠢᠯᠲᠡ ᠶᠢᠨ ᠬᠠᠷᠠᠯᠲᠠ ᠶᠢᠨ ᠲᠣᠭᠤᠷᠢᠨ ᠳᠤ᠂ ︽ᠨᠠᠮ ᠤᠨ ᠡᠭᠦᠷ + ᠠᠵᠤ | ᠠᠬᠤᠶᠢᠯᠠᠯ + ᠬᠤᠷᠰᠢᠶᠠᠵᠢᠯ + ᠮᠠᠯᠵᠢᠬᠤ ᠡᠷᠦᠬᠡ︾ ᠶᠢᠨ ᠵᠠᠭᠪᠤᠷ ᠲᠤ ᠲᠦᠰᠢᠭᠯᠡᠨ᠂ ᠲᠤᠰ ᠪᠡᠶ᠎ᠡ ᠶᠢᠨ ᠡᠬᠢ | ᠪᠠᠶᠠᠯᠢᠭ ᠤᠨ ᠳᠠᠪᠠᠭᠤᠯᠢᠭ ᠢᠶᠠᠨ ᠭᠦᠨᠵᠡᠭᠡᠢ ᠠᠭᠤᠳᠠᠯᠤᠨ ᠨᠠᠷᠢᠨ ᠰᠤᠳᠤᠯᠵᠤ᠂ ᠤᠯᠠᠨ ᠡᠰᠢᠴᠢᠯᠡᠭᠰᠡᠨ ᠠᠵᠤ | ᠦᠢᠯᠡᠰ ᠢ ᠪᠤᠶᠢᠵᠢᠭᠤᠯᠵᠤ᠂ ᠬᠡᠪᠴᠢᠶᠡᠵᠢᠭᠰᠡᠨ᠂ ᠪᠠᠷᠢᠮᠵᠢᠶᠠᠵᠢᠭᠰᠠᠨ᠂ ᠲᠦᠷᠦᠯ ᠳᠡᠮᠳᠡᠭᠵᠢᠭᠰᠡᠨ ᠪᠦᠳᠦᠭᠡᠨ | ᠪᠠᠶᠢᠭᠤᠯᠤᠯᠲᠠ ᠪᠠᠷ ᠳᠠᠮᠵᠢᠭᠤᠯᠵᠤ᠂ ︽ᠲᠣᠰᠬᠤᠨ ᠤᠨᠴᠠᠯᠢᠬᠳᠤ ᠠᠵᠤ ᠦᠢᠯᠡᠰ ᠲᠠᠢ᠂ ᠡᠷᠦᠬᠡ ᠪᠠᠶᠠᠵᠢᠨ | ᠴᠢᠨᠡᠭᠡᠯᠢᠭᠵᠢᠬᠦ ᠠᠷᠭ᠎ᠠ ᠵᠠᠮ ᠲᠠᠢ︾ ᠬᠥᠭᠵᠢᠯᠲᠡ ᠶᠢᠨ ᠪᠠᠶᠢᠷᠢᠰᠢᠯ ᠢ ᠠᠯᠬᠤᠮ ᠠᠯᠬᠤᠮ ᠢᠶᠠᠷ ᠪᠡᠶᠡᠯᠡᠭᠦᠯᠵᠦ᠂ | ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠳᠤ ᠲᠠᠰᠤᠷᠠᠯᠳᠡ ᠦᠭᠡᠢ ᠬᠦᠴᠦᠨ ᠨᠡᠮᠡᠷᠢᠯᠡᠪᠡ᠃ |