ᠤᠯᠠᠷᠢᠯ ᠤᠨ ᠥᠩᠭᠡ ᠪᠤᠶᠤ ᠣᠷᠴᠢᠯ ᠤᠨ ᠵᠢᠮ᠎ᠡ
ᠨᠡᠶᠢᠲᠡᠯᠡᠭᠰᠡᠨ ᠴᠠᠭ᠄
2024/12/24
                     ᠸᠠᠩ ᠰᠢᠶᠣᠣ ᠮᠢᠩ              ᠠᠯᠠᠭ ᠬᠤᠷᠸ᠎ᠠ ᠭᠡᠵᠦ ᠠᠮᠠᠨ ᠲᠠᠷᠨᠢ ᠮᠡᠲᠦ ᠡᠳᠦᠷᠵᠢᠨ ᠶᠠᠷᠢᠵᠤ ᠥᠭᠦᠯᠡᠯᠳᠦᠭᠰᠡᠭᠡᠷ ᠢᠷᠡᠭᠰᠡᠨ ᠪᠢᠳᠡᠨ ᠤ ᠪᠥᠮᠪᠥᠷᠴᠡᠭ ᠠᠷᠪᠢᠨ ᠥᠩᠭᠡ ᠪᠠᠷ ᠨᠠᠶᠢᠷᠠᠵᠤ ᠪᠦᠷᠢᠯᠳᠦᠭᠰᠡᠨ ᠶᠤᠮ᠃ ᠴᠠᠭᠠᠨ ᠡᠭᠦᠯᠡ᠂ ᠨᠣᠭᠤᠭᠠᠨ ᠲᠠᠯ᠎ᠠ᠂ ᠴᠠᠰᠤᠲᠤ ᠣᠢ᠂ ᠬᠥᠬᠡ ᠲᠡᠭᠷᠢ᠂ ᠰᠢᠷᠭᠠᠯ ᠮᠠᠩᠬ᠎ᠠ ᠁ ᠭᠡᠵᠦ ᠶᠠᠭᠤᠮ᠎ᠠ ᠪᠣᠯᠭᠠᠨ ᠥᠪᠡᠷ ᠤᠨ ᠢᠶᠠᠨ ᠲᠣᠭᠲᠠᠭᠰᠠᠨ ᠥᠩᠭᠡ ᠵᠢᠭᠠᠭᠰᠠᠨ ᠵᠢᠰᠦᠮ ᠲᠠᠢ᠃ ᠲᠡᠷᠡᠴᠢᠯᠡᠨ ᠣᠷᠣᠰᠢᠨ ᠠᠮᠢᠳᠤᠷᠠᠬᠤ ᠬᠤᠲᠠ ᠰᠠᠭᠤᠷᠢᠨ ᠢᠶᠠᠨ ᠭᠦᠷᠲᠡᠯ᠎ᠡ ᠥᠩᠭᠡ ᠪᠤᠲᠤᠬ ᠢᠶᠠᠷ ᠴᠢᠮᠡᠵᠦ ᠠᠯᠳᠠᠷᠰᠢᠭᠤᠯᠤᠨ ᠳᠠᠭᠤᠳᠠᠬᠤ ᠨᠢ ᠮᠠᠰᠢ ᠰᠣᠨᠢᠷᠬᠠᠯᠲᠠᠢ᠃ ᠮᠢᠨᠤᠬᠢ ᠠᠮᠢ ᠵᠢᠭᠤᠵᠤ ᠠᠮᠢᠳᠤᠷᠠᠯ ᠰᠡᠬᠦᠭᠰᠡᠨ ᠬᠤᠲᠠ ᠶᠢ ︽ᠭᠦᠭᠡᠬᠤᠲᠠ︾ ᠭᠡᠵᠦ ᠨᠡᠷᠡᠯᠡᠨ ᠳᠠᠭᠤᠳᠠᠬᠤ ᠳᠤ ᠮᠠᠨᠠᠶᠢᠬᠢᠨ ᠤ ᠵᠠᠷᠢᠮ  ᠨᠢ ᠪᠠᠰᠠ ᠪᠣᠷᠣᠬᠤᠲᠠ᠂ ᠤᠯᠠᠭᠠᠨᠬᠤᠲᠠ᠂ ᠰᠢᠷᠠᠲᠠᠯ᠎ᠠ ᠭᠡᠵᠦ ᠠᠳᠠᠯᠢ ᠪᠤᠰᠤ ᠥᠩᠭᠡ ᠪᠠᠷ ᠨᠡᠷᠡᠯᠡᠭᠰᠡᠨ ᠬᠤᠲᠠ ᠪᠠᠯᠭᠠᠳ ᠲᠤ ᠠᠵᠤ ᠳᠦᠷᠦᠳᠡᠭ ᠭᠡᠯᠲᠡᠢ᠃              ᠥᠩᠭᠡ ᠭᠡᠵᠦ ᠰᠡᠷᠡᠯ ᠤᠨ ᠲᠤᠰᠬᠠᠯ᠃ ︽ᠠᠯᠢᠪᠠ ᠶᠠᠭᠤᠮᠠᠨ ᠤ ᠵᠢᠰᠦ ᠶᠢ ᠥᠩᠭᠡ ᠬᠡᠮᠡᠮᠦᠢ︾ ᠭᠡᠵᠦ ︽ᠬᠤᠷᠢᠨ ᠨᠢᠭᠡᠲᠦ ᠲᠠᠶᠢᠯᠪᠤᠷᠢ ᠲᠣᠯᠢ︾ ᠳᠤ ᠲᠠᠶᠢᠯᠪᠤᠷᠢᠯᠠᠭᠰᠠᠨ ᠨᠢ ᠪᠤᠢ᠃ ᠤᠯᠠᠭᠠᠨ᠂ ᠨᠣᠭᠤᠭᠠᠨ᠂ ᠬᠥᠬᠡ᠂ ᠰᠢᠷ᠎ᠠ ᠁ ᠭᠡᠬᠦᠴᠢᠯᠡᠨ ᠥᠩᠭᠡ ᠶᠢ ᠠᠳᠠᠯᠢ ᠪᠤᠰᠤ ᠲᠦᠷᠦᠯ ᠳᠤ ᠠᠩᠭᠢᠯᠠᠵᠤ ᠪᠤᠯᠬᠤ ᠪᠥᠭᠡᠳ ᠣᠷᠴᠢᠯᠠᠩ ᠤᠨ ᠵᠠᠢ ᠳᠤ ᠣᠷᠣᠰᠢᠨ ᠬᠥᠯᠵᠢᠬᠦ ᠠᠮᠢᠲᠠᠨ ᠭᠤᠣᠯᠲᠠᠨ ᠠᠴᠠ ᠡᠬᠢᠯᠡᠭᠡᠳ ᠡᠭᠡᠯᠵᠢᠯᠡᠬᠦ ᠲᠦᠷᠪᠡᠨ ᠤᠯᠠᠷᠢᠯ ᠭᠦᠷᠲᠡᠯ᠎ᠡ ᠣᠷᠴᠢᠨ ᠲᠣᠭᠤᠷᠢᠨ ᠲᠠᠢ ᠪᠠᠨ ᠡᠪᠯᠡᠨ ᠵᠣᠬᠢᠴᠠᠯᠳᠤᠵᠤ᠂ ᠥᠪᠡᠷ ᠥᠪᠡᠷ ᠤᠨ ᠢᠶᠠᠨ ᠥᠩᠭᠡ ᠪᠤᠲᠤᠬ᠂ ᠦᠵᠡᠮᠵᠢ ᠵᠢᠰᠦᠮ ᠢᠶᠠᠷ ᠢᠯᠭᠠᠷᠠᠳᠠᠭ ᠵᠢᠮ᠎ᠡ ᠲᠠᠢ᠃ ᠲᠡᠭᠡᠭᠦ ᠳᠡᠭᠡᠨ ᠪᠢᠳᠡ ᠣᠷᠣᠰᠢᠨ ᠨᠤᠲᠤᠭᠰᠢᠭᠰᠠᠨ ᠠᠮᠢ ᠠᠬᠤᠢ ᠣᠷᠴᠢᠨ ᠲᠣᠭᠤᠷᠢᠨ ᠢᠶᠠᠨ ᠥᠩᠭᠡ ᠪᠤᠲᠤᠬ ᠢᠶᠠᠷ ᠦᠯᠢᠳᠬᠡᠵᠦ᠂ ᠤᠷᠠᠨ ᠵᠢᠷᠤᠭ ᠢᠶᠠᠷ ᠢᠯᠡᠳᠬᠡᠬᠦ ᠶᠤᠮ ᠪᠣᠯ ᠯᠠᠪᠲᠠᠢ ᠥᠩᠭᠡ ᠢᠯᠭᠠᠷᠠᠵᠤ ᠪᠤᠲᠤᠬ ᠨᠡᠶᠢᠴᠡᠭᠰᠡᠨ ᠡᠲᠡᠭᠡᠳ ᠭᠤᠴᠣ ᠦᠵᠡᠮᠵᠢ ᠪᠠᠶᠢᠯᠭᠦᠢ ᠭᠡᠵᠦ ᠪᠢ ᠬᠠᠶᠠ ᠲᠥᠰᠥᠭᠡᠯᠡᠳᠡᠭ ᠃ ᠡᠨᠡ ᠵᠢᠷᠤᠭ ᠲᠤ ᠬᠥᠬᠡ ᠣᠭᠲᠠᠷᠭᠤᠢ ᠴᠡᠯᠡᠶᠢᠨ᠂ ᠬᠥᠪᠥᠩ ᠴᠠᠭᠠᠨ ᠡᠭᠦᠯᠡᠰ ᠭᠦᠪᠦᠯᠵᠡᠵᠦ᠂ ᠠᠭᠤᠯᠠ ᠤᠰᠤ ᠨᠢ ᠬᠥᠬᠡᠮᠳᠦᠭ ᠨᠣᠭᠤᠭᠠᠨ᠂ ᠠᠭᠤᠳᠠᠮ ᠲᠠᠯ᠎ᠠ ᠨᠢ ᠲᠠᠩᠰᠤᠬ ᠨᠣᠭᠤᠭᠠᠨ᠂ ᠠᠵᠤ ᠠᠮᠢᠳᠤᠷᠠᠯ ᠨᠢ ᠠᠮᠢᠵᠢᠷᠠᠯ ᠤᠨ ᠨᠣᠭᠤᠭᠠᠨ ᠥᠩᠭᠡ ᠪᠠᠷ ᠪᠢᠯᠬᠠᠵᠤ᠂ ᠠᠲᠠᠷ ᠬᠡᠭᠡᠷ᠎ᠡ ᠶᠢᠨ ᠴᠡᠴᠡᠭᠡᠰ ᠤᠯᠠᠭᠠᠨ ᠶᠠᠭᠠᠨ ᠭᠡᠵᠦ ᠡᠯᠳᠡᠪ ᠥᠩᠭᠡ ᠪᠠᠷ ᠢᠯᠭᠠᠷᠠᠭᠰᠠᠨ ᠪᠠᠶᠢᠵᠤ ᠲᠠᠭᠠᠷᠠᠬᠤ ᠶᠤᠮ᠃              ᠣᠳᠣᠲᠠᠢ ᠲᠡᠭᠷᠢ ᠣᠷᠴᠢᠵᠤ᠂ ᠤᠤᠯ ᠥᠩᠭᠡ ᠪᠤᠲᠤᠬ ᠴᠦ ᠥᠭᠡᠷᠡᠲᠦᠵᠦ ᠬᠤᠪᠢᠷᠠᠳᠠᠭ᠃ ᠴᠠᠭ ᠤᠨ ᠡᠷᠬᠡ ᠪᠠᠷ ᠰᠢᠨ᠎ᠡ ᠵᠦᠢᠯ ᠬᠠᠭᠤᠴᠢᠷᠠᠬᠤ ᠳᠤ ᠤᠯᠠᠷᠢᠯ ᠤᠨ ᠵᠢᠮ᠎ᠡ ᠪᠠᠷ ᠥᠩᠭᠡ ᠪᠠᠭᠤᠷᠠᠨ ᠪᠤᠲᠤᠬ ᠬᠤᠯᠲᠣᠷᠠᠬᠤ ᠶᠢ ᠬᠡᠨ ᠴᠦ ᠬᠤᠷᠢᠭᠯᠠᠵᠤ ᠡᠰᠡ ᠴᠢᠳᠠᠨ᠎ᠠ᠃ ᠡᠪᠡᠢ ᠬᠥᠭᠡᠷᠦᠬᠦᠢ᠂ ᠳᠡᠯᠭᠡᠷ ᠵᠣᠨ ᠤ ᠴᠠᠭ ᠲᠤ ᠲᠡᠨᠵᠢ ᠵᠣ ᠶᠢ ᠪᠦᠷᠬᠦᠨ ᠤᠯᠠᠭᠠᠨ ᠶᠠᠭᠠᠨ ᠰᠢᠷ᠎ᠠ ᠭᠡᠵᠦ ᠥᠩᠭᠡ ᠠᠯᠠᠭᠯᠠᠨ ᠳᠡᠯᠭᠡᠷᠡᠭᠰᠡᠨ ᠴᠡᠴᠡᠭᠡᠰ ᠨᠢᠭᠡ ᠯᠡ ᠰᠥᠨᠢ ᠶᠢᠨ ᠨᠠᠮᠤᠷ ᠤᠨ ᠬᠤᠩᠭᠤᠷ ᠰᠠᠯᠬᠢᠨ ᠳᠤ ᠨᠠᠪᠴᠢ ᠨᠠᠮᠠᠭ᠎ᠠ ᠰᠢᠷᠠᠯᠠᠨ ᠬᠤᠪᠠᠭ᠋ᠠᠶᠢᠷᠠᠬᠤ ᠨᠢ ᠶᠠᠭᠤᠲᠠᠢ ᠡᠮᠭᠡᠨᠢᠯᠲᠡᠢ᠃ ᠰᠡᠷᠭᠦᠯᠡᠩ ᠵᠠᠯᠠᠭᠤ ᠨᠠᠰᠣᠨ ᠳᠠᠭᠠᠨ ᠣᠮᠣᠭᠯᠠᠩ ᠢᠳᠡᠷᠡᠭᠦᠨ ᠭᠠᠯᠭᠢᠭᠤᠯᠵᠤ ᠶᠠᠪᠤᠭᠰᠠᠨ ᠴᠣᠭᠯᠢᠭ ᠬᠦᠦᠴᠦᠦᠯ ᠭᠤᠸᠠᠯᠢᠭ ᠬᠡᠦᠬᠡᠨᠴᠦᠳ ᠨᠢᠭᠡ ᠮᠡᠳᠡᠬᠦ ᠳᠤ ᠨᠠᠰᠣᠨ ᠤ ᠡᠷᠬᠡ ᠪᠠᠷ ᠬᠠᠷ᠎ᠠ ᠦᠰᠦᠨ ᠳᠤᠨᠢ ᠴᠠᠭᠠᠨ ᠬᠢᠷᠠᠭᠤ ᠤᠨᠠᠵᠤ᠂ ᠦᠰᠦ ᠴᠠᠶᠢᠵᠤ ᠵᠢᠰᠦ ᠦᠷᠴᠢᠢᠨ ᠡᠪᠦᠭᠡᠷᠡᠵᠦ ᠬᠥᠭᠰᠢᠷᠡᠬᠦ ᠨᠢ ᠪᠠᠰᠠ ᠶᠠᠮᠠᠷ ᠶᠡᠭᠡ ᠭᠤᠨᠢᠶᠠᠯᠲᠠᠢ ᠠᠵᠢ᠃ ᠡᠶᠢᠨ ᠬᠦ ᠥᠩᠭᠡ ᠭᠡᠵᠦ ᠣᠷᠣᠰᠢᠯ ᠤᠨ ᠵᠢᠰᠦ᠂ ᠣᠷᠴᠢᠯ ᠤᠨ ᠵᠢᠮ᠎ᠡ ᠪᠤᠶᠤ᠃              ᠥᠩᠭᠡ ᠪᠠᠭᠤᠷᠠᠵᠤ ᠵᠢᠰᠦ ᠭᠤᠨᠳᠠᠬᠤ ᠨᠢ ᠦᠨᠡᠨ ᠲᠤᠯᠠ ᠡᠷᠬᠢᠮᠯᠡᠵᠦ ᠬᠠᠮᠠᠭᠠᠯᠠᠬᠤ ᠨᠢ ᠵᠦᠢᠲᠡᠢ᠃ ᠡᠭᠦᠨ ᠢ ᠣᠳᠣᠬᠠᠨ ᠤ ᠬᠠᠯᠠᠮᠰᠢᠯ ᠪᠣᠯᠤᠭᠰᠠᠨ ᠦᠭᠡ ᠪᠠᠷ ᠣᠨᠣᠭᠠᠵᠤ ᠶᠠᠷᠢᠪᠠᠯ ᠠᠮᠢ ᠠᠬᠤᠢ ᠣᠷᠴᠢᠨ ᠲᠣᠭᠤᠷᠢᠨ ᠢ ᠬᠠᠮᠠᠭᠠᠯᠠᠵᠤ᠂ ᠪᠣᠬᠢᠷᠳᠤᠯ ᠦᠭᠡᠢ ᠶᠢ ᠡᠷᠭᠢᠮᠯᠡᠭᠦ ᠭᠡᠰᠡᠨ ᠤᠳᠬ᠎ᠠ ᠲᠠᠢ᠃ ᠥᠪᠡᠷ ᠥᠪᠡᠷ ᠤᠨ ᠬᠢ ᠪᠠᠷ ᠢᠶᠠᠨ ᠥᠩᠭᠡ ᠪᠤᠯᠢᠶᠠᠯᠳᠤᠨ ᠪᠠᠲᠠᠷᠠᠨ ᠳᠡᠯᠭᠡᠷᠡᠪᠡᠯ ᠰᠠᠶ᠋ᠢ ᠡᠬᠡ ᠪᠠᠶᠢᠭᠠᠯᠢ ᠥᠨᠢᠷ ᠲᠠᠩᠰᠤᠬ᠂ ᠥᠭᠭᠢᠶᠡᠮᠦᠷᠴᠢ ᠭᠠᠩᠭᠠᠩ ᠪᠤᠯᠲᠠᠬ ᠶᠤᠮ᠃ ᠲᠡᠷᠡ ᠦᠶ᠎ᠡ ᠳᠤ ︽ᠠᠭᠠᠷ ᠲᠡᠭᠷᠢ ᠮᠢᠨᠢ ᠴᠡᠩᠬᠡᠷ ᠢᠶᠠᠷ ᠢᠶᠠᠨ ᠪᠠᠶᠢᠭᠠᠰᠠᠢ᠂ ᠠᠭᠤᠳᠠᠮ ᠲᠠᠯ᠎ᠠ ᠮᠢᠨᠢ ᠨᠣᠭᠤᠭᠠᠨ ᠢᠶᠠᠷ ᠢᠶᠠᠨ ᠪᠠᠶᠢᠭᠠᠰᠠᠢ ᠁︾ ᠭᠡᠰᠡᠨ ᠨᠢ ᠵᠦᠪᠭᠡᠨ ᠳᠠᠭᠤᠤ ᠲᠡᠳᠦᠢ ᠪᠢᠰᠢ ᠲᠤᠩᠭᠠᠯᠠᠭ ᠦᠨᠡᠨ ᠪᠣᠯᠵᠤ᠂ ︽ᠬᠥᠬᠡᠮᠳᠦᠭ ᠨᠣᠭᠤᠭᠠᠨ ᠠᠭᠤᠯᠠ ᠤᠰᠤ︾ ᠭᠡᠳᠡᠭ ᠨᠢ ᠤᠷᠢᠶ᠎ᠠ ᠪᠤᠰᠤ᠂ ᠬᠠᠷᠢᠨ ᠬᠡᠵᠢᠶ᠎ᠡ ᠬᠠᠮᠢᠭ᠎ᠠ ᠴᠦ ᠭᠡᠰᠡᠨ ᠬᠠᠷᠠᠭᠳᠠᠳᠠᠭ ᠦᠵᠡᠮᠵᠢ ᠪᠤᠯᠬᠤ ᠶᠤᠮ᠃                
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号