| | ᠣᠶᠢᠷ᠎ᠠ ᠶᠢᠨ ᠬᠤᠭᠤᠴᠠᠭᠠᠨ ᠳᠤ᠂ 12P/Pons-Brooks ᠱᠦᠭᠦᠷ ᠣᠲᠣ ︵ᠳᠣᠷᠣᠭᠰᠢ | 12P ᠱᠦᠭᠦᠷ ᠣᠲᠣ ᠭᠡᠵᠦ ᠳᠥᠭᠦᠮᠴᠢᠯᠡᠨ᠎ᠡ︶ ᠨᠢ ᠪᠦᠭᠦ ᠳᠡᠯᠡᠬᠡᠢ ᠶᠢᠨ ᠠᠩᠬᠠᠷᠤᠯ ᠢ ᠲᠠᠲᠠᠵᠤ᠂ ᠮᠠᠰᠢ ᠣᠯᠠᠨ | ᠬᠥᠮᠥᠨ ᠳᠡᠭᠡᠳᠦ ᠲᠤᠳᠤᠷᠠᠴᠠᠳᠤ ᠲᠣᠮᠣ ᠵᠢᠷᠤᠭ ᠠᠴᠠ ᠡᠨᠡ ᠬᠦ ᠨᠢᠭᠤᠴᠠᠭᠠᠢ ︽ᠬᠤᠯᠠ ᠶᠢᠨ ᠵᠣᠴᠢᠨ︾ ᠲᠠᠢ | ᠲᠠᠨᠢᠯᠴᠠᠵᠠᠢ᠃ | ᠣᠳᠣᠨ ᠣᠷᠣᠨ ᠤ ᠰᠢᠨᠵᠢᠯᠡᠬᠦ ᠤᠬᠠᠭᠠᠨ ᠤ ᠲᠦᠭᠡᠮᠡᠯᠵᠢᠭᠦᠯᠦᠯᠲᠡ ᠶᠢᠨ ᠲᠤᠰᠬᠠᠢ ᠮᠡᠷᠭᠡᠵᠢᠯᠲᠡᠨ᠂ | 12P ᠱᠦᠭᠦᠷ ᠣᠳᠣ ᠬᠡᠳᠦᠶᠢᠪᠡᠷ ᠶᠡᠷᠦ ᠪᠤᠰᠤ ᠶᠢᠨ ᠢᠯᠡᠷᠡᠯ ᠲᠠᠢ ᠪᠤᠯᠪᠠᠴᠤ ᠬᠠᠮᠤᠭ ᠤᠨ ᠬᠦᠰᠡᠨ ᠬᠦᠯᠢᠶᠡᠭᠦᠰᠢᠲᠡᠢ | ᠱᠦᠭᠦᠷ ᠣᠳᠣ ᠪᠣᠯ ᠽᠢ ᠶᠢᠨ ᠱᠠᠨ - ᠠᠲᠯᠠᠰ ᠱᠦᠭᠦᠷ ᠣᠳᠣ ᠪᠣᠯᠣᠨ᠎ᠠ᠂ ᠲᠡᠷᠡ ᠨᠢ ᠡᠨᠡ ᠵᠢᠯ ᠤᠨ ᠨᠢᠳᠦᠨ ᠳᠤ | ᠦᠵᠡᠭᠳᠡᠬᠦ ᠭᠠᠶᠢᠬᠠᠮᠰᠢᠭᠲᠤ ᠦᠵᠡᠭᠳᠡᠯ ᠪᠣᠯᠵᠤ ᠮᠡᠳᠡᠨ᠎ᠡ ᠭᠡᠵᠦ ᠢᠯᠡᠳᠬᠡᠪᠡ᠃ | ᠱᠦᠭᠦᠷ ᠣᠳᠣ ᠪᠣᠯ ᠨᠡᠷᠡᠨ ᠤ ᠠᠶᠢᠮᠠᠭ ᠳᠣᠲᠣᠷᠠᠬᠢ ᠨᠢᠭᠡ ᠵᠦᠢᠯ ᠤᠨ ᠵᠢᠵᠢᠭ ᠣᠳᠣᠨ ᠴᠣᠭᠴᠠᠰ | ᠪᠣᠯᠣᠨ᠎ᠠ᠂ ᠳ᠋ᠢᠶᠠᠮᠧᠲᠷ ᠨᠢ ᠬᠡᠳᠦᠨ ᠺᠢᠯᠣᠮᠧᠲᠷ ᠠᠴᠠ ᠠᠷᠪᠠᠨ ᠬᠡᠳᠦᠨ ᠺᠢᠯᠣᠮᠧᠲᠷ ᠤᠨ ᠬᠤᠭᠤᠷᠣᠨᠳᠤ ᠪᠠᠶᠢᠳᠠᠭ᠂ | ᠲᠡᠭᠦᠨ ᠤ ᠬᠠᠴᠢᠨ ᠵᠢᠭᠲᠡᠢ ᠭᠠᠳᠠᠷ ᠳᠦᠷᠰᠦ ᠪᠠ ᠣᠯᠵᠤ ᠦᠵᠡᠬᠦ ᠳᠤ ᠪᠡᠷᠬᠡ ᠪᠠᠶᠢᠳᠠᠭ ᠵᠡᠷᠭᠡ ᠠᠴᠠ ᠪᠣᠯᠵᠤ | ᠬᠥᠮᠥᠰ ᠤᠨ ᠠᠩᠬᠠᠷᠤᠯ ᠢ ᠲᠠᠲᠠᠵᠤ ᠪᠠᠶᠢᠨ᠎ᠠ᠃ | ᠳᠤᠮᠳᠠᠳᠤ ᠤᠯᠤᠰ ᠤᠨ ᠣᠳᠣᠨ ᠣᠷᠣᠨ ᠤ ᠰᠢᠨᠵᠢᠯᠡᠭᠡᠨ ᠤ ᠨᠡᠶᠢᠭᠡᠮᠯᠢᠭ ᠤᠨ ᠭᠡᠰᠢᠭᠦᠨ᠂ ᠣᠳᠣᠨ | ᠣᠷᠣᠨ ᠤ ᠰᠢᠨᠵᠢᠯᠡᠬᠦ ᠤᠬᠠᠭᠠᠨ ᠤ ᠲᠦᠭᠡᠮᠡᠯᠵᠢᠭᠦᠯᠦᠯᠲᠡ ᠶᠢᠨ ᠲᠤᠰᠬᠠᠢ ᠮᠡᠷᠭᠡᠵᠢᠯᠲᠡᠨ ᠰᠢᠸ ᠯᠢ ᠫᠧᠩ᠂ ᠱᠦᠭᠦᠷ | ᠣᠳᠣᠨ ᠤ ᠲᠤᠭ᠎ᠠ ᠬᠡᠮᠵᠢᠶ᠎ᠡ ᠨᠢ ᠬᠡᠳᠦᠶᠢᠪᠡᠷ ᠮᠠᠰᠢ ᠣᠯᠠᠨ ᠪᠤᠯᠪᠠᠴᠤ ᠣᠯᠠᠩᠬᠢ ᠴᠠᠭ ᠨᠢ ᠴᠥᠮ ᠨᠡᠷᠡᠨ ᠠᠴᠠ | ᠬᠤᠯᠠ ᠪᠠᠶᠢᠵᠤ᠂ ᠭᠡᠷᠡᠯᠲᠦᠴᠡ ᠨᠢ ᠲᠤᠶᠢᠯ ᠤᠨ ᠳᠣᠣᠷ᠎ᠠ ᠪᠠᠶᠢᠳᠠᠭ ᠪᠣᠯᠬᠤᠷ ᠪᠢᠳᠡ ᠲᠡᠭᠦᠨ ᠢ ᠠᠵᠢᠭᠯᠠᠵᠤ ᠣᠯᠬᠤ | ᠠᠷᠭ᠎ᠠ ᠦᠭᠡᠢ ᠶᠤᠮ᠃ ᠵᠥᠪᠭᠡᠨ ᠨᠡᠷᠡᠨ ᠤ ᠲᠠᠲᠠᠯᠲᠠ ᠶᠢᠨ ᠬᠦᠴᠦᠨ ᠤ ᠦᠢᠯᠡᠴᠢᠯᠡᠯ ᠳᠣᠣᠷ᠎ᠠ ᠨᠡᠷᠡᠨ ᠤ | ᠣᠷᠴᠢᠨ ᠳᠤ ᠬᠦᠷᠬᠦ ᠦᠶ᠎ᠡ ᠳᠤ ᠰᠠᠶ᠋ᠢ ᠪᠢᠳᠡᠨ ᠳᠤ ᠠᠵᠢᠭᠯᠠᠭᠳᠠᠨ᠎ᠠ᠂ ᠡᠨᠡ ᠦᠶ᠎ᠡ ᠳᠤ ᠲᠡᠷᠡ ᠨᠢ ᠨᠡᠷᠡᠨ ᠤ | ᠰᠠᠴᠤᠷᠠᠯᠲᠠ ᠶᠢᠨ ᠳᠣᠣᠷ᠎ᠠ ᠪᠠᠰᠠ ᠤᠷᠲᠤ ᠰᠡᠭᠦᠯ ᠣᠷᠭᠤᠵᠦ ᠭᠠᠷᠤᠨ᠎ᠠ᠃ ᠱᠦᠭᠦᠷ ᠣᠳᠣ ᠨᠢᠭᠡ ᠪᠦᠷᠢ ᠶᠢᠨ ᠶᠡᠭᠡ | ᠪᠠᠭ᠎ᠠ ᠶᠢᠨ ᠠᠳᠠᠯᠢ ᠪᠤᠰᠤ ᠠᠴᠠ ᠨᠠᠷᠠ ᠪᠠ ᠳᠡᠯᠡᠬᠡᠢ ᠶᠢᠨ ᠪᠥᠮᠪᠥᠷᠴᠡᠭ ᠤᠨ ᠬᠤᠭᠤᠷᠣᠨᠳᠣᠭᠢ ᠵᠠᠢ ᠵᠢᠴᠢ ᠱᠦᠭᠦᠷ | ᠣᠳᠣᠨ ᠤ ᠲᠤᠰ ᠪᠡᠶ᠎ᠡ ᠶᠢᠨ ᠪᠠᠶᠢᠳᠠᠯ ᠨᠢ ᠨᠡᠯᠢᠶᠡᠳ ᠶᠡᠭᠡ ᠵᠥᠷᠢᠶ᠎ᠡ ᠲᠠᠢ ᠪᠠᠶᠢᠵᠤ᠂ ᠨᠢᠳᠦᠨ ᠳᠤ ᠦᠵᠡᠭᠳᠡᠬᠦ | ᠱᠦᠭᠦᠷ ᠣᠳᠣ ᠦᠨᠡᠬᠡᠷ ᠮᠠᠰᠢ ᠬᠤᠪᠣᠷ ᠬᠠᠷᠠᠭᠳᠠᠳᠠᠭ᠂ ᠭᠠᠷᠴᠤ ᠢᠷᠡᠮᠡᠭᠴᠡ ᠣᠳᠣᠨ ᠣᠷᠣᠨ ᠤ ᠪᠠᠭ᠋ᠠᠲᠠᠳ ᠤᠨ | ᠠᠩᠬᠠᠷᠤᠯ ᠢ ᠲᠠᠲᠠᠳᠠᠭ ᠭᠡᠵᠦ ᠬᠡᠯᠡᠪᠡ᠃ | ᠣᠶᠢᠷ᠎ᠠ ᠶᠢᠨ ᠬᠤᠭᠤᠴᠠᠭᠠᠨ ᠳᠤ ᠨᠡᠷᠡᠨ ᠤ ᠠᠶᠢᠮᠠᠭ ᠲᠤ ᠪᠤᠴᠠᠵᠤ ᠢᠷᠡᠭᠰᠡᠨ 12P ᠱᠦᠭᠦᠷ | ᠣᠳᠣ ᠶᠢᠨ ᠭᠡᠷᠡᠯᠲᠦᠴᠡ ᠨᠢ ᠳᠡᠯᠡᠬᠡᠢ ᠶᠢᠨ ᠣᠳᠣᠨ ᠣᠷᠣᠨ ᠤ ᠰᠣᠨᠢᠷᠬᠠᠭᠴᠢᠳ ᠤᠨ ᠠᠩᠬᠠᠷᠤᠯ ᠢ ᠲᠠᠲᠠᠭᠰᠠᠨ ᠠᠴᠠ | ᠪᠣᠯᠵᠤ᠂ ᠮᠠᠰᠢ ᠣᠯᠠᠨ ᠬᠥᠮᠥᠰ ᠡᠨᠡ ᠬᠦ ᠱᠦᠭᠦᠷ ᠣᠳᠣ ᠶᠢᠨ ᠭᠠᠶᠢᠬᠠᠮᠰᠢᠭᠲᠤ ᠪᠠᠷ᠎ᠠ ᠶᠢ ᠠᠮᠵᠢᠯᠲᠠ ᠲᠠᠢ ᠣᠯᠵᠤ | ᠬᠠᠷᠠᠪᠠ᠃ | ︽ᠵᠢᠯ ᠤᠨ ᠡᠬᠢᠨ ᠠᠴᠠ ᠨᠠᠭᠠᠰᠢ ᠬᠡᠳᠦᠶᠢᠪᠡᠷ ᠴᠥᠭᠡᠨ ᠪᠤᠰᠤ ᠱᠦᠭᠦᠷ ᠣᠲᠣ ᠣᠭᠲᠠᠷᠭᠤᠢ ᠳᠤ | ᠢᠯᠡᠷᠡᠭᠰᠡᠨ ᠪᠤᠯᠪᠠᠴᠤ 12P ᠱᠦᠭᠦᠷ ᠣᠳᠣᠨ ᠤ ᠢᠯᠡᠷᠡᠯ ᠮᠠᠰᠢ ᠰᠠᠶᠢᠨ ᠪᠠᠶᠢᠨ᠎ᠠ᠂ ᠨᠢᠭᠡ ᠳᠤ᠂ ᠲᠡᠷᠡ ᠨᠢ | ᠦᠨᠡᠬᠡᠷ ᠭᠦᠢᠴᠡᠳ ᠭᠡᠷᠡᠯ ᠲᠠᠢ ᠪᠠᠶᠢᠵᠤ᠂ 4 ᠰᠠᠷ᠎ᠠ ᠶᠢᠨ 21 ᠤ ᠡᠳᠦᠷ ᠤᠨ ᠨᠡᠷᠡᠨ ᠠᠴᠠ ᠣᠶᠢᠷ᠎ᠠ ᠴᠡᠭ ᠢ | ᠥᠩᠭᠡᠷᠡᠬᠦ ᠠᠴᠠ ᠡᠮᠦᠨ᠎ᠡ᠂ ᠭᠡᠷᠡᠯᠲᠦᠴᠡ ᠨᠢ 4 ᠲᠠᠰ ᠣᠷᠴᠢᠮ ᠪᠤᠯᠬᠤ ᠪᠣᠯᠣᠯᠴᠠᠭ᠎ᠠ ᠲᠠᠢ᠂ ᠲᠤᠶᠢᠯ ᠤᠨ ᠰᠠᠶᠢᠨ | ᠠᠵᠢᠭᠯᠠᠬᠤ ᠨᠥᠬᠦᠴᠡᠯ ᠳᠣᠣᠷ᠎ᠠ᠂ ᠨᠢᠳᠦ ᠪᠠᠷ ᠢᠶᠠᠨ ᠠᠵᠢᠭᠯᠠᠵᠤ ᠣᠯᠬᠤ ᠪᠣᠯᠣᠯᠴᠠᠭ᠎ᠠ ᠲᠠᠢ; ᠬᠤᠶᠠᠷ ᠲᠤ᠂ ᠲᠡᠷᠡ | ᠨᠢ ᠨᠠᠷᠠ ᠰᠢᠩᠭᠡᠭᠡᠳ ᠤᠳᠠᠭᠠᠳᠤᠢ ᠪᠠᠷᠠᠭᠤᠨ ᠬᠤᠶᠢᠲᠤ ᠣᠷᠣᠨ ᠤ ᠳᠣᠣᠷ᠎ᠠ ᠣᠭᠲᠠᠷᠭᠤᠢ ᠳᠤ ᠢᠯᠡᠷᠡᠵᠦ᠂ ᠣᠳᠣᠨ | ᠣᠷᠣᠨ ᠤ ᠪᠠᠭ᠋ᠠᠲᠠᠳ ᠤᠨ ᠠᠵᠢᠭᠯᠠᠨ ᠬᠡᠮᠵᠢᠬᠦ ᠪᠠ ᠭᠠᠵᠠᠷ ᠤᠨ ᠦᠵᠡᠮᠵᠢ ᠲᠠᠢ ᠤᠶᠠᠯᠳᠤᠭᠤᠯᠤᠨ ᠰᠡᠭᠦᠳᠡᠷᠯᠡᠬᠦ ᠳᠤ | ᠲᠥᠭᠦᠮ ᠦᠵᠡᠭᠦᠯᠦᠨ᠎ᠡ︾ ᠭᠡᠵᠦ ᠰᠢᠦ ᠯᠢ ᠫᠧᠩ ᠬᠡᠯᠡᠪᠡ᠃ | ᠬᠡᠳᠦᠶᠢᠪᠡᠷ12P ᠱᠦᠭᠦᠷ ᠣᠳᠣ ᠶᠢᠨ ᠢᠯᠡᠷᠡᠯ ᠨᠢ ᠭᠠᠶᠢᠬᠠᠮᠰᠢᠭᠲᠠᠢ ᠪᠤᠯᠪᠠᠴᠤ ᠡᠨᠡ ᠵᠢᠯ ᠤᠨ | ᠵᠢᠩᠬᠢᠨᠢ ᠬᠦᠰᠡᠨ ᠬᠦᠯᠢᠶᠡᠭᠦᠰᠢᠲᠡᠢ ᠱᠦᠭᠦᠷ ᠣᠳᠣ ᠪᠣᠯ ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ | ᠬᠦᠷᠢᠶᠡᠯᠡᠩ ᠤᠨ ᠽᠢ ᠶᠢᠨ ᠱᠠᠨ ᠣᠳᠣᠨ ᠣᠷᠣᠨ ᠤ ᠥᠷᠲᠡᠭᠡ ᠶᠢᠨ 2023 ᠣᠨ ᠤ ᠡᠬᠢ ᠪᠠᠷ ᠢᠯᠡᠷᠡᠭᠦᠯᠦᠭᠰᠡᠨ | C/2023 A3 ᠱᠦᠭᠦᠷ ᠣᠳᠣ ᠪᠣᠯᠣᠨ᠎ᠠ᠂ ᠬᠢᠲᠠᠳ ᠨᠡᠷ᠎ᠡ ᠨᠢ ᠽᠢ ᠶᠢᠨ ᠱᠠᠨ - ᠠᠲᠯᠠᠰ ᠭᠡᠳᠡᠭ ᠶᠤᠮ᠃ | ᠣᠶᠢᠷ᠎ᠠ ᠶᠢᠨ ᠵᠢᠯ ᠳᠤ᠂ ᠵᠢᠯ ᠪᠦᠷᠢ ᠨᠢᠳᠦᠨ ᠳᠤ ᠦᠵᠡᠭᠳᠡᠬᠦ ᠭᠡᠭᠡᠨ ᠲᠤᠩᠭᠠᠯᠠᠭ ᠱᠦᠭᠦᠷ ᠣᠲᠣ | ᠢᠯᠡᠷᠡᠵᠦ ᠪᠠᠶᠢᠨ᠎ᠠ᠂ ᠵᠢᠱᠢᠶᠡᠯᠡᠪᠡᠯ 2020 ᠣᠨ ᠤ ᠰᠢᠨ᠎ᠡ ᠣᠶᠤᠨᠲᠤ ᠱᠦᠭᠦᠷ ᠣᠲᠣ᠂ 2021 ᠣᠨ ᠤ | ᠯᠦᠨᠨᠠᠳᠧ ᠱᠦᠭᠦᠷ ᠣᠲᠣ᠂ 2023 ᠣᠨ ᠤ C/2022 E3 ︵ ZTF︶ ᠱᠦᠭᠦᠷ ᠣᠲᠣ ᠵᠡᠷᠭᠡ ᠪᠣᠯᠣᠨ᠎ᠠ᠂ | ᠵᠢᠱᠢᠶᠡᠯᠡᠪᠡᠯ᠂ 2020 ᠣᠨ ᠤ ᠰᠢᠨ᠎ᠡ ᠣᠶᠤᠨᠲᠤ ᠱᠦᠭᠦᠷ ᠣᠲᠣ᠂ 2023 ᠣᠨ ᠤ C/2022 E3 | ︵ ZTF︶ ᠱᠦᠭᠦᠷ ᠣᠲᠣ ᠪᠣᠯ ᠵᠢᠯ ᠪᠦᠷᠢ ᠨᠢᠳᠦᠨ ᠳᠤ ᠦᠵᠡᠭᠳᠡᠬᠦ ᠭᠡᠭᠡᠨ ᠲᠤᠩᠭᠠᠯᠠᠭ ᠱᠦᠭᠦᠷ ᠣᠲᠣ ᠪᠣᠯᠣᠨ᠎ᠠ | ᠃ | ︽ᠽᠢ ᠶᠢᠨ ᠱᠠᠨ - ᠠᠲᠯᠠᠰ ᠰᠢᠨ᠎ᠡ ᠣᠶᠤᠨᠲᠤ ᠱᠦᠭᠦᠷ ᠣᠳᠣ ᠠᠴᠠ ᠨᠠᠭᠠᠰᠢᠬᠢ ᠬᠠᠮᠤᠭ ᠤᠨ | ᠭᠡᠷᠡᠯᠲᠡᠢ ᠱᠦᠭᠦᠷ ᠣᠳᠣ ᠪᠤᠯᠬᠤ ᠪᠣᠯᠣᠯᠴᠠᠭ᠎ᠠ ᠮᠠᠰᠢ ᠶᠡᠭᠡ ᠪᠠᠶᠢᠨ᠎ᠠ᠃ ᠡᠨᠡ ᠱᠦᠭᠦᠷ ᠣᠳᠣ 2024 ᠣᠨ ᠤ 9 | ᠰᠠᠷ᠎ᠠ ᠶᠢᠨ 27 ᠤ ᠡᠳᠦᠷ ᠤᠨ ᠤᠷᠢᠳ ᠬᠤᠵᠢᠳ ᠢᠶᠠᠷ ᠨᠡᠷᠡᠨ ᠠᠴᠠ ᠣᠶᠢᠷ᠎ᠠ ᠴᠡᠭ ᠢ ᠥᠩᠭᠡᠷᠡᠵᠦ᠂ | ᠭᠡᠷᠡᠯᠲᠦᠴᠡ ᠶᠢᠨ ᠬᠡᠮᠵᠢᠶ᠎ᠡ 0.2 ᠣᠷᠴᠢᠮ ᠪᠣᠯᠣᠨ᠎ᠠ ᠭᠡᠵᠦ ᠵᠢᠱᠢᠵᠦ ᠪᠤᠢ᠂ ᠡᠨᠡ ᠦᠶ᠎ᠡ ᠳᠤ ᠡᠮᠦᠨᠡᠲᠦ ᠬᠠᠭᠠᠰ | ᠪᠥᠮᠪᠥᠷᠴᠡᠭ ᠲᠤ ᠣᠯᠵᠤ ᠬᠠᠷᠠᠨ᠎ᠠ;10 ᠰᠠᠷ᠎ᠠ ᠶᠢᠨ 10 ᠤ ᠡᠳᠦᠷ ᠠᠴᠠ ᠰᠡᠭᠦᠯᠡᠷ᠂ ᠲᠡᠷᠡ ᠨᠢ ᠤᠮᠠᠷᠠᠲᠤ | ᠬᠠᠭᠠᠰ ᠪᠥᠮᠪᠥᠷᠴᠡᠭ ᠤᠨ ᠦᠳᠡᠰᠢ ᠶᠢᠨ ᠣᠭᠲᠠᠷᠭᠤᠢ ᠳᠤ ᠢᠯᠡᠷᠡᠬᠦ ᠪᠣᠯᠣᠨ᠎ᠠ᠂ ᠲᠡᠭᠷᠢ ᠴᠡᠯᠮᠡᠭ ᠲᠤᠩᠭᠠᠯᠠᠭ ᠪᠠᠶᠢᠳᠠᠯ | ᠳᠣᠣᠷ᠎ᠠ᠂ ᠬᠥᠮᠥᠰ ᠲᠡᠭᠦᠨ ᠢ ᠨᠢᠳᠦ ᠪᠠᠷ ᠢᠶᠠᠨ ᠠᠮᠠᠷᠬᠠᠨ ᠣᠯᠵᠤ ᠬᠠᠷᠠᠬᠤ ᠪᠣᠯᠣᠨ᠎ᠠ᠂ ᠭᠡᠪᠡᠴᠦ ᠲᠡᠭᠦᠨ ᠤ ᠳᠦᠷᠰᠦ | ᠪᠠᠶᠢᠳᠠᠯ ᠢ ᠲᠣᠳᠣᠷᠬᠠᠢ ᠣᠯᠵᠤ ᠬᠠᠷᠠᠶ᠎ᠠ ᠭᠡᠪᠡᠯ ᠬᠠᠰᠢ ᠯᠠ ᠵᠢᠵᠢᠭ ᠭᠡᠯᠪᠡᠷᠢ ᠶᠢᠨ ᠣᠳᠣᠨ ᠣᠷᠣᠨ ᠤ ᠳᠤᠷᠠᠨ ᠵᠡᠷᠭᠡ | ᠲᠤᠰᠬᠠᠢ ᠮᠡᠷᠭᠡᠵᠢᠯ ᠤᠨ ᠲᠥᠬᠦᠭᠡᠷᠦᠮᠵᠢ ᠳᠤ ᠲᠦᠰᠢᠭᠯᠡᠪᠡᠯ ᠬᠠᠮᠤᠭ ᠰᠠᠶᠢᠨ ᠶᠤᠮ︾ ᠭᠡᠵᠦ ᠰᠢᠦ ᠯᠢ ᠫᠧᠩ ᠬᠡᠯᠡᠪᠡ᠃ | | |