ᠰᠡᠷᠭᠦᠯᠡᠩᠪᠠᠲᠤ | | - ᠠᠰᠠᠷ ᠤᠨ ᠴᠣᠩᠬᠤᠨ ᠤ ᠭᠠᠳᠠᠨᠠᠬᠢ ᠭᠠᠭᠴᠠ | ᠵᠢᠭᠳᠡ ᠶᠢᠨ ᠮᠣᠳᠣᠨ᠎ᠠ ᠤᠯᠠᠨ ᠪᠣᠯᠵᠣᠮᠣᠷ ᠡᠷᠭᠢᠴᠡᠨᠡᠮ | | ᠮᠢᠨᠤ ᠮᠣᠳᠣᠨ ᠤ ᠬᠡᠳᠦᠨ ᠪᠣᠯᠵᠣᠮᠣᠷ | ᠡᠷᠬᠡ ᠴᠢᠯᠦᠭᠡᠨ ᠤ ᠳᠠᠷᠬᠠᠨ ᠤᠷᠠᠯᠢᠭᠴᠢ︕ | ᠦᠳᠡᠰᠢ ᠪᠤᠯᠳᠠᠯ᠎ᠠ | ᠵᠢᠷᠭᠢᠯᠳᠦᠨ ᠨᠢᠰᠦᠨᠡᠮ | ᠵᠡᠷᠭᠡᠴᠡᠨ ᠣᠷᠣᠰᠢᠨᠠᠮ︕ | ᠮᠢᠨᠤ ᠮᠣᠳᠣᠨ ᠤ ᠬᠡᠳᠦᠨ ᠪᠣᠯᠵᠣᠮᠣᠷ | ᠢᠨᠠᠭ ᠳᠤᠷᠠᠯᠠᠯ ᠤᠨ ᠢᠷᠠᠭᠤᠬᠠᠨ ᠳᠠᠭᠤᠴᠢᠨ︕ | ᠬᠤᠣᠰ ᠬᠤᠣᠰ ᠢᠶᠠᠷ ᠢᠶᠠᠨ ᠵᠢᠷᠭᠢᠨ | ᠬᠤᠷᠸ᠎ᠠ ᠶᠢ ᠰᠣᠭᠲᠣᠭᠠᠲᠠᠯᠠ ᠳᠠᠭᠤᠯᠠᠨᠠᠮ︕ | ᠬᠤᠶᠠᠷ᠂ ᠳᠥᠷᠪᠡ᠂ ᠵᠢᠷᠭᠤᠭ᠎ᠠ᠂ ᠨᠠᠢᠮᠠ ᠁ ᠭᠡᠵᠦ | ᠬᠤᠭᠤᠯᠠᠢ ᠨᠡᠶᠢᠯᠡᠭᠦᠯᠦᠨ ᠬᠥᠭᠵᠢᠨ ᠵᠢᠷᠭᠢᠨᠡᠮ︕ | ᠲᠥᠷᠪᠡᠨ ᠤᠯᠠᠷᠢᠯ ᠤᠨ | ᠮᠥᠩᠬᠡ ᠶᠢᠨ ᠳᠠᠭᠤᠴᠢᠨ︕ | ᠮᠢᠨᠤ ᠮᠣᠳᠣᠨ ᠤ ᠬᠡᠳᠦᠨ ᠪᠣᠯᠵᠣᠮᠣᠷ | ᠴᠠᠰᠤ ᠪᠣᠷᠣᠭᠠᠨ ᠠᠴᠠ ᠠᠶᠤᠳᠠᠭ ᠦᠭᠡᠢ | ᠰᠠᠯᠬᠢ ᠰᠢᠭᠤᠷᠭᠠᠨ ᠠᠴᠠ ᠰᠣᠴᠢᠳᠠᠭ ᠦᠭᠡᠢ | ᠶᠠᠷᠢᠯᠴᠠᠭᠰᠠᠨ ᠶᠤᠮ ᠰᠢᠭ᠋ ᠣᠯᠠᠭᠤᠯᠠ ᠪᠠᠨ | ᠶᠠᠭᠠᠷᠠᠯᠲᠠᠢ ᠠᠳᠠᠯ᠎ᠠ ᠪᠠᠨ ᠬᠥᠭᠵᠢᠶᠡᠨᠲᠡᠢ | ᠶᠡᠭᠡ ᠡᠷᠲᠡᠨ ᠤ ᠲᠤᠮᠤᠭ ᠬᠠᠭᠤᠴᠢᠯᠠᠨ᠎ᠠ | ᠡᠷᠲᠡ ᠡᠳᠦᠭᠡ ᠶᠢᠨ ᠲᠠᠯ᠎ᠠ ᠨᠤᠲᠤᠭ ᠤᠨ | ᠥᠩᠭᠡ ᠲᠥᠷᠬᠦ | ᠡᠷᠬᠡ ᠰᠦᠷ ᠤᠨ ᠲᠤᠬᠠᠢ | ᠴᠢᠨᠡᠭᠡ ᠮᠡᠳᠡᠨ | ᠵᠢᠷᠭᠢᠨ ᠱᠤᠯᠤᠭᠠᠨᠠᠨ᠎ᠠ | ᠮᠢᠨᠤ ᠮᠣᠳᠣᠨ ᠤ ᠬᠡᠳᠦᠨ ᠪᠣᠯᠵᠣᠮᠣᠷ | ᠡ᠊ᠩᠭᠡ ᠲᠠᠶᠢᠪᠤᠩ ᠤᠨ ᠊ᠴᠢᠮᠡᠭᠡᠯᠡᠭᠴᠢ᠂ ᠮᠡᠳᠡᠭᠡᠯᠡᠭᠴᠢ | ᠰᠡᠪ ᠭᠡᠪᠡᠯ ᠪᠦᠭᠦᠳᠡᠭᠡᠷ ᠢᠶᠠᠨ | ᠪᠤᠳᠠᠷᠠᠨ ᠨᠢᠰᠦᠯᠴᠡᠨ᠎ᠡ | ᠡᠪ ᠤᠨ ᠬᠤᠷᠸ᠎ᠠ ᠳᠤ | ᠤᠳᠠᠯ ᠦᠭᠡᠢ | ᠵᠢᠷᠭᠢᠯᠳᠦᠨ ᠢᠷᠡᠨ᠎ᠡ | ᠨᠢᠰᠦᠯᠴᠡᠨ ᠨᠠᠭᠠᠳᠤᠨ᠎ᠠ︕ | ᠮᠢᠨᠤ ᠮᠣᠳᠣᠨ ᠤ ᠬᠡᠳᠦᠨ ᠪᠣᠯᠵᠣᠮᠣᠷ | ᠡᠳᠦᠷᠵᠢᠨ ᠬᠠᠷᠠᠭᠠᠳ ᠬᠠᠨᠤᠰᠢ ᠦᠭᠡᠢ | ᠨᠢᠭᠡ ᠯᠠ ᠵᠢᠰᠦᠮ ᠤᠨ ᠪᠣᠯᠬᠤᠷ | ᠨᠡᠷ᠎ᠡ ᠴᠤ ᠥᠭᠴᠦ ᠴᠢᠳᠠᠭᠠᠳᠤᠢ︕ | ᠦᠳᠡᠰᠢ ᠶᠢᠨ ᠵᠡᠭᠦᠳᠦᠨ ᠳᠤ ᠴᠤ | ᠥᠷᠭᠦᠯᠵᠢ ᠬᠠᠮᠲᠤ ᠪᠠᠶᠠᠰᠤᠯᠴᠠᠳᠠᠭ ᠶᠤᠮ︕ | ᠮᠢᠨᠤ ᠯᠠ ᠮᠣᠳᠣᠨ ᠪ᠊ ᠭᠤᠸ᠎ᠠ ᠦᠵᠡᠰᠭᠦᠯᠡᠩ ᠮᠢᠨᠢ︕ |