﹇ᠳᠥᠷᠪᠡᠨ ᠣᠶᠢᠷᠠᠳ﹈ ᠰᠢᠨᠵᠢᠶᠠᠩ ᠤᠨ ᠣᠶᠢᠷᠠᠳ ᠠᠶᠠᠯᠭᠤᠨ ᠤ ᠥᠪᠡᠷᠮᠢᠴᠡ ᠬᠡᠯᠡᠴᠡ ᠶᠢᠨ ᠲᠣᠪᠴᠢ ᠲᠠᠶᠢᠯᠪᠤᠷᠢ ︵ᠲᠠᠪᠤ︶᠎ 
ᠨᠡᠶᠢᠲᠡᠯᠡᠭᠰᠡᠨ ᠴᠠᠭ᠄
2024/12/26
                         ᠣ · ᠲᠠᠶᠢᠪᠤᠩ ᠴᠤᠭᠯᠠᠭᠤᠯᠤᠨ ᠲᠠᠶᠢᠯᠪᠤᠷᠢᠯᠠᠪᠠ                            ᠢᠵᠢᠩ ᠲᠠᠲᠠᠩ ᠬᠢᠬᠦ᠄ ᠬᠡᠷᠡᠭ ᠡᠷᠢᠬᠦ᠂ ᠮᠠᠭᠤ ᠠᠭᠠᠰᠢ ᠭᠠᠷᠬᠤ᠃              ᠢᠰᠢᠭᠡ ᠶᠢᠨ ᠮᠢᠬ᠎ᠠ ᠶᠢ ᠬᠠᠯᠠᠭᠤᠨ ᠳᠡᠭᠡᠷ᠎ᠡ ᠨᠢ᠄ ᠠᠰᠢᠭᠲᠠᠢ ᠵᠠᠪᠰᠢᠶᠠᠨ ᠲᠣᠭᠢᠶᠠᠯ ᠢ ᠠᠳᠬᠤᠵᠤ ᠱᠠᠯᠠᠪᠳᠠᠨ ᠬᠢᠵᠦ ᠪᠡᠶᠡᠯᠡᠭᠦᠯᠬᠦ᠃ ︽ᠡᠵᠢ ᠥᠨᠥᠳᠥᠷ ᠨᠠᠳᠠᠳᠤ ︿ᠳᠠᠷᠵᠠ ᠲᠠᠢ ᠬᠤᠳᠠᠭᠠᠢ ᠪᠣᠯᠣᠯ᠎ᠠ᠂ ᠢᠰᠢᠭᠡ ᠶᠢᠨ ᠮᠢᠬ᠎ᠠ ᠶᠢ ᠬᠠᠯᠠᠭᠤᠨ ᠳᠡᠭᠡᠷ᠎ᠡ ᠨᠢ ᠭᠡᠳᠡᠭᠴᠢᠯᠡᠨ ᠤᠳᠠᠯ ᠦᠭᠡᠢ ᠴᠢᠮ᠎ᠠ ᠶᠢ ᠬᠤᠷᠢᠮ ᠢ ᠴᠢᠨᠢ ᠬᠢᠭᠡᠳ ᠮᠣᠷᠳᠠᠭᠤᠯᠤᠨ᠎ᠠ ᠪᠢ﹀ ᠭᠡᠨ᠎ᠡ︾ ︵ᠪᠠ᠊᠆ · ᠵᠠᠰᠠᠨ᠎ᠠ᠄ ︽ᠴᠢᠳᠦᠷ︾ P.157︶᠃              ᠢᠷ ᠴᠢᠢᠷ ᠪᠤᠯᠭᠠᠬᠤ᠄ ᠪᠠᠭᠯᠠᠵᠤ ᠴᠢᠩᠭ᠎ᠠ ᠪᠣᠭᠤᠬᠤ᠃ ︽ᠡᠵᠡᠨ ᠰᠢᠷᠭᠢ ᠶᠢᠨ ᠵᠥᠭᠡᠷᠢ ᠪᠤᠯᠬᠤ᠂ ᠡᠷᠪᠡᠩ ᠲᠡᠯ ᠲᠠᠢ ᠡᠭᠴᠡ ᠰᠡᠭᠦᠯ ᠲᠠᠢ᠂ ᠡᠮᠨᠢᠭ ᠲᠤᠬᠰᠢᠨ ᠬᠥᠬᠡ ᠪᠣᠷᠣ ᠠᠳᠤᠭᠤ ᠶᠢ᠂ ᠢᠷ ᠴᠢᠢᠷ ᠪᠣᠯᠭᠠᠨ ᠬᠤᠮᠢᠭᠰᠠᠭᠠᠷ︾ ︵︽ᠵᠠᠩᠭᠠᠷ︾᠂ P.13︶᠃              ᠢᠨᠢᠭ ᠳ᠋ᠤᠤᠨᠤᠭ ᠪᠤᠯᠬᠤ᠄ ① ᠲᠣᠯᠣᠭᠠᠢ ᠡᠷᠭᠢᠬᠦ ② ᠰᠣᠭᠲᠣᠬᠤ᠂ ᠬᠠᠯᠠᠮᠰᠠᠬᠤ᠃ ︽ᠢᠰᠡᠭᠡᠢ ᠮᠠᠯᠠᠭ᠎ᠠ ᠪᠠᠷ ᠢᠶᠠᠨ ᠯᠠᠪᠯᠠᠭᠠᠳ᠂ ᠡᠰᠡᠷᠳᠡᠨ ᠠᠪᠤᠭᠠᠳ ᠤᠳᠬᠤᠯ᠎ᠠ᠂ ᠢᠨᠢᠭ ᠳ᠋ᠤᠤᠨᠤᠭ ᠪᠣᠯᠣᠭᠰᠠᠭᠠᠷ ᠁︾ ︵︽ᠵᠤᠤᠨᠠᠢ ᠶᠢᠨ ᠭᠠᠷ ᠪᠢᠴᠢᠮᠡᠯ ︿ᠵᠠᠩᠭᠠᠷ︾᠂ P.265︶᠃              ᠢᠷᠡᠩ ᠲᠠᠷᠠᠩ ᠬᠢᠬᠦ᠄ ᠬᠡᠦᠬᠡᠳ ᠪᠡᠶ᠎ᠡ ᠡᠪᠡᠳᠴᠦ ᠪᠠᠭ᠎ᠠ ᠰᠠᠭ᠎ᠠ ᠵᠠᠩᠨᠠᠬᠤ ᠪᠠᠶᠢᠳᠠᠯ᠃              ᠢᠯᠠ ᠭᠠᠯᠵᠠᠨ ᠪᠤᠯᠬᠤ᠄ ᠤᠯᠠᠨ ᠤ ᠨᠢᠳᠦᠨ ᠳᠡᠭᠡᠷ᠎ᠡ᠂ ︽ᠢᠳᠡᠬᠦ ᠶᠢᠨ ᠲᠥᠯᠥᠭᠡ ᠠᠮᠢᠳᠤᠷᠠᠵᠤ ᠶᠠᠪᠤᠬᠤ ᠲᠡᠭᠦᠨ ᠤ ᠨᠠᠰᠤᠨ ᠤ ᠵᠣᠷᠢᠯᠭ᠎ᠠ ᠶᠢ ᠨᠠᠷᠠᠳᠤ ᠶᠢᠨ ᠨᠢᠳᠦᠨ ᠳᠤ ᠢᠯᠠ ᠭᠠᠯᠵᠠᠨ ᠦᠵᠡᠭᠦᠯᠳᠡᠭ ᠪᠢᠯᠡ︾ ︵ᠲ᠊ · ᠨᠠᠮᠵᠢᠯ᠄ ︽ᠵᠡᠭᠦᠳᠦᠨ ᠤ ᠬᠤᠩᠭᠤᠷ ᠭᠤᠪᠢ︾᠂ P.121︶᠃              ᠢᠪᠡᠷ ᠵᠢᠪᠠᠷ ᠭᠡᠳ᠄ ᠰᠢᠪᠡᠨᠡᠯᠴᠡᠨ ᠶᠠᠷᠢᠯᠴᠠᠬᠤ᠃ ︽ᠭᠠᠩ ᠦᠳᠡ ᠶᠢᠨ ᠬᠠᠯᠠᠭᠤᠨ ᠪᠣᠯᠣᠭᠠᠳ ᠢᠷᠡᠬᠦᠯ᠎ᠡ᠂ ᠦᠭᠡᠷᠢ ᠲᠠᠭᠠᠷᠢ ᠥᠳᠤᠨ ᠬᠤᠷᠣᠬᠠᠢ᠂ ᠢᠪᠢᠷ ᠵᠢᠪᠠᠷ ᠭᠡᠳ ᠭᠦᠶᠦᠯᠳᠦᠬᠦ ᠴᠠᠭ ᠲᠤ᠂ ᠤᠬᠠᠭᠠᠨ ᠰᠡᠭᠡᠭᠡ ᠮᠢᠨᠢ ᠠᠯᠳᠠᠷᠠᠭᠠᠳ ᠣᠳᠳᠠᠭ ᠪᠢᠯᠡ ᠭᠡᠵᠦ᠂ ᠪᠠᠶᠢᠬᠤ ᠨᠢ ᠡᠨᠡ ᠪᠢᠯᠡ︾ ︵︽ᠵᠠᠩᠭᠠᠷ ᠤᠨ ᠡᠬᠡ ᠮᠠᠲ᠋ᠧᠷᠢᠶᠠᠯ 4︾᠂ P.232︶᠃              ᠢᠮᠠᠭᠠᠨ ᠤ ᠥᠭᠡᠬᠦᠨ ᠰᠢᠭ᠄ ᠲᠦᠷᠭᠡᠨ ᠠᠭᠤᠷ ᠲᠠᠢ ᠬᠥᠮᠥᠨ ᠢ ᠬᠡᠯᠡᠵᠦ ᠪᠤᠢ᠃ ︽ᠴᠢ ᠪᠢᠲᠡᠭᠡᠢ ᠯᠠ ᠢᠮᠠᠭᠠᠨ ᠤ ᠥᠭᠡᠬᠦᠨ ᠰᠢᠩᠭᠢ ᠴᠠᠷᠴᠠᠭᠠᠳ ᠪᠠᠢ ᠳ᠋ᠠ︾ ︵ᠮ᠊ · ᠵᠠᠯᠰᠠᠷᠠᠢ᠄ ︽ᠮᠠᠯ ᠤᠨ ᠡᠮᠴᠢ︾᠂ ︽ᠨᠤᠲᠤᠭ ᠤᠨ ᠴᠡᠩᠬᠡᠷ ᠤᠳᠤᠭᠠᠨ︾᠂ P.90︶᠃              ᠢᠯᠢᠮ ᠵᠢᠯᠢᠮ ᠪᠤᠯᠬᠤ᠄ ᠶᠠᠭᠤ ᠴᠦ ᠦᠭᠡᠢ ᠬᠤᠭᠤᠰᠤᠨ ᠪᠤᠯᠬᠤ᠃ ︽ᠴᠢ ᠮᠠᠩᠭᠠᠳᠤᠷ ᠨᠥᠭᠦᠭᠡᠳᠦᠷ ᠭᠦᠷᠳᠡᠯ᠎ᠡ᠂ ᠲᠠᠭᠠᠷᠢ ᠦᠭᠡᠷᠢ ᠪᠠᠨ ᠢᠯᠢᠮ ᠵᠢᠯᠢᠮ ᠪᠤᠯᠳᠠᠯ᠎ᠠ ᠡᠳᠡᠭᠡᠭᠡᠳ᠂ ᠲᠠᠯᠠᠩ ᠢᠶᠠᠨ ᠭᠦᠢᠴᠡᠭᠡᠭᠡᠳ ᠵᠢᠷᠤᠭ᠎ᠠ ᠪᠠᠨ ᠳᠠᠷᠤᠭᠠᠳ ᠪᠠᠢ︾ ︵ᠲᠤ᠋ · ᠪᠠᠳᠮ᠎ᠠ᠂ ᠪᠤᠶᠠᠨᠬᠡᠰᠢᠭ ᠨᠠᠷ ᠡᠮᠬᠢᠳᠬᠡᠨ ᠨᠠᠶᠢᠷᠠᠭᠤᠯᠤᠭᠰᠠᠨ ︽ᠵᠠᠩᠭᠠᠷ︾ ᠂ 633︶᠃              ᠢᠪᠢᠷ ᠰᠢᠪᠢᠷ ᠬᠢᠬᠦ᠄ ᠠᠷᠠᠢ ᠰᠣᠨᠣᠰᠳᠠᠬᠤ ᠳᠠᠭᠤ ᠪᠠᠷ ᠰᠢᠪᠡᠨᠡᠨ ᠶᠠᠷᠢᠯᠴᠠᠬᠤ᠃ ︽ᠴᠢᠭᠤᠯᠭᠠᠨ ᠤ ᠭᠤᠣᠯ ᠳᠤᠮᠳᠠ ᠰᠠᠭᠤᠭᠰᠠᠨ ᠬᠤᠰᠢᠭᠤᠨ ᠤ ᠭᠦᠵᠤᠳᠠᠢ᠂ ᠵᠠᠯᠠᠨ᠂ ᠮᠠᠶᠢᠷᠠᠨ ᠵᠡᠷᠭᠡ ᠰᠠᠶᠢᠳ ᠨᠣᠶᠠᠳ ᠪᠠ ᠬᠠᠳᠤᠨ᠂ ᠠᠪᠠᠭ᠋ᠠᠢ ᠨᠠᠷ ᠳᠤᠷ᠎ᠠ ᠦᠭᠡᠶᠢᠴᠡᠨ ᠢᠪᠢᠷ ᠰᠢᠪᠢᠷ ᠬᠦᠦᠷᠨᠢᠯᠳᠦᠵᠦ ᠡᠬᠢᠯᠡᠪᠡ︾ ︵ᠳ᠋ᠤ᠊ · ᠨᠠᠶᠢᠳᠠᠢ᠄ ︽ᠰᠢᠯᠢᠭ ᠡᠪᠦᠭᠡᠨ︾᠂ P.53︶᠃              ᠢᠬᠢᠷ ᠴᠢᠭᠢᠷ ᠠᠵᠢᠯ᠄ ᠪᠠᠭ᠎ᠠ ᠰᠠᠭ᠎ᠠ ᠠᠵᠢᠯ᠂ ᠤᠴᠢᠷ᠂ ᠠᠷ ᠰᠠᠷ ᠠᠵᠢᠯ᠃ ︽ᠨᠠᠳᠠ ᠢᠳᠡᠬᠦ ᠬᠦᠨᠡᠰᠦ ᠥᠭᠴᠦ᠂ ᠢᠬᠢᠷ ᠴᠢᠭᠢᠷ ᠠᠵᠢᠯ ᠭᠢᠯᠭᠡᠵᠤ ᠪᠠᠶᠢᠭᠰᠠᠨ ᠪᠠᠷᠢᠭᠠᠳᠠ ᠦᠭᠡᠢ ᠪᠣᠯᠤᠭᠰᠠᠨ ᠲᠤᠯᠠ ᠪᠢ ᠥᠯ ᠠᠯᠳᠠᠯ᠎ᠠ︾ ︵ᠪᠠ᠊᠆ · ᠵᠠᠰᠠᠨ᠎ᠠ᠄ ︽ᠭᠠᠭᠴᠠ ᠬᠠᠷ᠎ᠠ ᠮᠣᠳᠣ︾᠂ P.1︶᠃              ᠢᠷᠸ᠎ᠠ ᠡᠮᠦᠨ᠎ᠡ ᠠᠴᠠ ᠪᠠᠨ᠄ ᠢᠷᠸᠠᠯᠠᠬᠤ ᠶᠢᠨ ᠤᠳᠬ᠎ᠠ ᠤᠴᠢᠷ ᠢ ᠬᠡᠯᠡᠵᠦ ᠪᠤᠢ᠃              ᠢᠷᠠᠭᠦᠦ ᠬᠠᠷᠢᠭᠤ ᠦᠭᠡᠢ᠄ ᠲᠠᠯᠠᠷᠬᠠᠬᠤ ᠰᠡᠳᠬᠢᠯ ᠦᠭᠡᠢ᠂ ᠬᠥᠮᠥᠨ ᠶᠣᠰᠣᠨ ᠤ ᠬᠠᠷᠢᠯᠴᠠᠭᠠᠨ ᠤ ᠦᠨᠳᠦᠰᠦᠨ ᠶᠣᠰᠣ ᠮᠣᠷᠠᠯ ᠦᠭᠡᠢ᠃                            ᠣ              ᠣ ᠶᠢᠨ ᠬᠠᠵᠠᠭᠤᠭᠢ ᠣ᠄ ᠰᠠᠶᠢᠨ ᠬᠥᠮᠥᠨ ᠲᠠᠢ ᠦᠶᠡᠷᠬᠡᠪᠡᠯ ᠰᠠᠶᠢᠨ ᠢ ᠰᠤᠷᠬᠤ᠃              ᠣᠳᠳᠠᠭ ᠭᠠᠵᠠᠷ ᠣᠷᠣᠳᠠᠭ ᠨᠥᠭᠡᠨ ᠦᠭᠡᠢ᠄ ᠶᠠᠭᠤ ᠴᠤ ᠦᠭᠡᠢ᠂ ᠲᠣᠯᠣᠭᠠᠢ ᠳᠠᠯᠳᠠᠯᠠᠬᠤ ᠭᠡᠷ ᠦᠭᠡᠢ ᠪᠣᠯᠵᠤ ᠲᠡᠨᠦᠬᠦ᠃ ︽ᠤᠳᠤ ᠣᠷᠣᠳᠠᠭ ᠨᠥᠭᠡᠨ ᠤᠳᠤᠳᠠᠭ ᠭᠠᠵᠠᠷ ᠴᠢᠨᠢ ᠬᠠᠮᠢᠭ᠎ᠠ ᠪᠠᠶᠢᠬᠤ ᠪᠤᠢ︖ ᠭᠡᠵᠦ ᠪᠤᠳᠤᠭᠠᠳ ᠁︾ ︵︽ᠵᠠᠩᠭᠠᠷ ᠤᠨ ᠡᠬᠡ ᠮᠠᠲ᠋ᠧᠷᠢᠶᠠᠯ 7︾ P.60︶᠃              ᠣᠩᠭᠤᠢ ᠦᠭᠡᠢ ᠤᠳᠬᠤ᠄ ᠣᠷᠣ ᠰᠤᠷᠠᠭ ᠦᠭᠡᠢ ᠪᠤᠯᠬᠤ᠃ ︽ᠱᠠᠭ ᠢᠷᠡᠪᠡ ᠭᠡᠬᠦᠯ᠎ᠡ ᠨᠠᠭᠠᠳᠴᠤ ᠪᠠᠶᠢᠭᠰᠠᠨ ᠬᠥᠪᠡᠭᠦᠳ ᠣᠩᠭᠤᠢ ᠦᠭᠡᠢ ᠣᠳᠳᠠᠭ ᠪᠢᠯᠡ︾ ︵ᠳ᠋ᠤ᠊ · ᠨᠠᠶᠢᠳᠠᠢ᠄ ︽ᠠᠪᠠᠭ᠎ᠠ ᠡᠭᠡᠴᠢ ᠶᠢᠨ ᠥᠯᠢᠭᠡᠷ ︾᠂ P.349︶᠃              ᠣᠩᠭᠤᠢ ᠶᠢ ᠨᠢ ᠲᠠᠰᠤᠯᠬᠤ᠄ ᠤᠷᠤᠭᠤᠳᠠᠵᠤ ᠳᠣᠷᠣᠶᠢᠲᠠᠭᠰᠠᠨ ᠶᠠᠭᠤᠮ᠎ᠠ ᠶᠢ ᠳᠠᠭᠢᠨ ᠰᠡᠷᠭᠦᠵᠦ ᠪᠤᠰᠬᠤ ᠪᠣᠯᠣᠮᠵᠢ ᠶᠢ ᠨᠢ ᠲᠠᠭ ᠬᠠᠭᠠᠬᠤ᠃ ︽ᠥᠩᠭᠡᠯᠴᠡᠭ ᠲᠤ ᠴᠢᠨᠢ ᠦᠨᠡᠰᠦ ᠬᠢᠭᠡᠳ᠂ ᠦᠬᠡᠷ ᠬᠠᠷ᠎ᠠ ᠴᠢᠯᠠᠭᠤ ᠪᠠᠷ ᠳᠠᠷᠤᠭᠤᠯᠤᠭᠠᠳ᠂ ᠴᠢᠨᠦ ᠣᠩᠭᠤᠢ ᠶᠢ ᠨᠢ ᠲᠠᠰᠤᠯᠤᠨ᠎ᠠ ᠭᠡᠵᠦ ᠬᠡᠯᠡᠭᠡᠳ᠂ ᠪᠤᠯᠠᠭᠠᠳ ᠬᠠᠶᠠᠳᠠᠭ ᠨᠢ ᠡᠨᠡ ᠭᠡᠨ᠎ᠡ︾ ︵︽ᠵᠠᠩᠭᠠᠷ ᠤᠨ ᠡᠬᠡ ᠮᠠᠲ᠋ᠧᠷᠢᠶᠠᠯ 4︾᠂ P.71︶᠃              ᠤᠩᠭᠠᠢ ᠳᠤ ᠰᠠᠭᠤᠬᠤ᠄ ᠣᠷᠣ ᠰᠤᠷᠠᠭ ᠦᠭᠡᠢ ᠪᠤᠯᠭᠠᠬᠤ᠃ ᠠᠮᠢᠨ ᠳᠤ ᠨᠢ ᠬᠦᠷᠬᠦ᠂ ᠠᠶᠤᠯ ᠵᠠᠨᠤᠯ ᠤᠴᠠᠷᠠᠭᠤᠯᠬᠤ᠃ ︽ᠮᠢᠨᠤ ᠭᠠᠭᠴᠠ ᠬᠥᠪᠡᠭᠦᠨ ᠤ ᠮᠢᠨᠢ ᠤᠩᠭᠠᠢ ᠳᠤ ᠰᠠᠭᠤᠬᠤ ᠪᠣᠯᠵᠤ ᠪᠠᠶᠢᠨ᠎ᠠ ᠡᠨᠡ ᠳᠠᠮᠰᠢᠭ ᠁︾ ︵ᠫᠤ · ᠪᠠᠳᠮᠠᠷ᠎ᠠ᠄ ︽ᠬᠠᠯᠠ ᠪᠠᠷ ᠬᠠᠯᠲᠤᠷᠢᠭᠰᠠᠨ ᠵᠠᠶᠠᠭ᠎ᠠ︾᠂ P.114︶᠃              ᠣᠩᠭᠤᠷᠬᠠᠢ ᠬᠠᠷ᠎ᠠ ᠨᠦᠭᠡᠨ᠄ ᠠᠪᠬᠤ ᠠᠴᠠ ᠪᠤᠰᠤ ᠥᠭᠬᠦ ᠶᠢ ᠮᠡᠳᠡᠳᠡᠭ ᠦᠭᠡᠢ᠂ ᠬᠠᠨᠤᠵᠤ ᠴᠠᠳᠬᠤ ᠦᠭᠡᠢ ᠰᠢᠨᠤᠬᠠᠢ ᠲᠠᠴᠢᠶᠠᠯ ᠲᠠᠢ᠃              ᠣᠨᠢᠭ ᠦᠭᠡᠢ ᠦᠭᠡ ᠲᠠᠢ᠃ ᠣᠨᠣᠪᠴᠢ ᠦᠭᠡᠢ ᠦᠭᠡ ᠲᠠᠢ᠂ ᠬᠡᠯᠡᠭᠰᠡᠨ ᠦᠭᠡ ᠳᠤᠨᠢ ᠢᠲᠡᠭᠡᠮᠵᠢ ᠦᠭᠡᠢ᠃              ᠣᠯᠳᠠ ᠴᠣᠯᠳᠠ ᠭᠡᠳ᠄ ᠬᠥᠳᠡᠯᠦᠯ ᠪᠠᠷᠢᠯ ᠨᠢ ᠡᠪ ᠬᠠᠪᠤ ᠦᠭᠡᠢ᠂ ᠪᠦᠳᠦᠭᠦᠯᠢᠭ᠃              ᠤᠯᠠᠨ ᠣᠶᠢᠮᠤᠰᠤ ᠡᠯᠡᠭᠡᠬᠦ᠄ ᠤᠯᠠᠨ ᠶᠠᠭᠤᠮ᠎ᠠ ᠦᠵᠡᠭᠰᠡᠨ ᠬᠥᠮᠥᠨ ᠢ ᠬᠡᠯᠡᠵᠦ ᠪᠠᠶᠢᠨ᠎ᠠ᠃              ᠤᠯᠠᠨ ᠢ ᠲᠠᠭᠠᠬᠰᠠᠨ ᠡ᠊ᠨᠳᠡᠷᠡᠳᠡᠭ ᠦᠭᠡᠢ᠄ ᠤᠯᠠᠨ ᠨᠠᠶᠢᠳᠠ ᠳᠤ ᠪᠤᠷᠤᠭᠤ ᠦᠭᠡᠢ᠃ ᠨᠡᠶᠢᠭᠡᠮ ᠤᠨ ᠴᠢᠭ ᠬᠠᠨᠳᠤᠯᠭ᠎ᠠ ᠶᠢ ᠳᠠᠭᠠᠵᠤ ᠶᠠᠪᠤᠪᠠᠯ ᠨᠠᠶᠢᠳᠠᠪᠤᠷᠢᠲᠠᠢ᠃              ᠤᠯᠠᠨ ᠤ ᠲᠣᠭᠤᠰᠣᠨ ᠳᠤ ᠪᠠᠭᠲᠠᠬᠤ᠄ ᠬᠥᠮᠥᠨ ᠠᠳᠠᠯᠢ ᠶᠠᠪᠤᠬᠤ᠃ ᠪᠤᠰᠤᠳ ᠲᠠᠢ ᠠᠳᠠᠯᠢ ᠮᠥᠷᠥ ᠵᠡᠷᠭᠡᠴᠡᠨ ᠠᠮᠢᠳᠤᠷᠠᠬᠤ᠃              ᠤᠯᠠᠨ ᠤ ᠰᠠᠯᠬᠢᠨ ᠳᠤ ᠶᠠᠪᠤᠬᠤ᠄ ᠤᠬᠠᠭᠠᠨ ᠲᠥᠭᠦᠭᠡᠨ ᠢ ᠨᠢ ᠮᠡᠳᠡᠯ ᠦᠭᠡᠢ ᠶᠠᠪᠤᠬᠤ᠃ ᠪᠡᠶ᠎ᠡ ᠳᠠᠭᠠᠭᠠᠭᠰᠠᠨ ᠦᠵᠡᠯ ᠪᠤᠳᠣᠯ ᠦᠭᠡᠢ ᠰᠣᠬᠤᠷ ᠪᠠᠯᠠᠢ ᠪᠠᠷ ᠴᠠᠭ ᠤᠨ ᠤᠷᠤᠰᠬᠠᠯ ᠢ ᠳᠠᠭᠠᠵᠤ ᠳᠡᠷᠪᠡᠬᠦ᠃              ᠤᠯᠠᠨ ᠢ ᠳᠠᠭᠤᠷᠢᠶᠠᠵᠤ ᠠᠮᠢᠳᠤᠷᠠᠬᠤ᠄ ᠪᠤᠰᠤᠳ ᠤᠨ ᠠᠳᠠᠯᠢ ᠠᠵᠢᠯ ᠭᠦᠳᠡᠯᠮᠦᠷᠢ ᠬᠢᠵᠦ ᠲᠤᠬᠠᠢ ᠶᠢᠨ ᠨᠡᠶᠢᠭᠡᠮ ᠤᠨ ᠬᠡᠪ ᠮᠠᠶ᠋ᠢᠭ ᠢᠶᠠᠷ ᠣᠷᠣᠰᠢᠨ ᠠᠮᠢᠳᠤᠷᠠᠬᠤ᠃              ᠣᠯᠠᠨ ᠲᠠᠪᠤᠨ ᠶᠠᠩᠵᠤ᠄ ᠡᠯᠳᠡᠪ ᠤᠨ ᠮᠠᠭᠤᠬᠠᠢ ᠠᠭᠠᠰᠢ ᠮᠠᠶ᠋ᠢᠭ᠃              ᠤᠯᠠᠨ ᠲᠠᠪᠤᠨ ᠦᠭᠡ ᠦᠭᠡᠢ᠄ ① ᠳᠡᠮᠡᠢ ᠳᠤᠤᠭᠠᠷᠳᠠᠭ ᠦᠭᠡᠢ᠂ ᠦᠭᠡ ᠳᠠᠭᠤ ᠴᠥᠭᠡᠨ᠃ ② ᠵᠠᠩ ᠰᠠᠶᠢᠲᠠᠢ᠂ ᠡᠶᠡᠯᠳᠡᠭ ᠵᠥᠭᠡᠯᠡᠨ᠃              ᠤᠯᠠᠨ ᠲᠠᠪᠤᠨ ᠦᠭᠡ ᠬᠡᠯᠡᠬᠦ᠄ ᠴᠠᠯᠴᠢᠶ᠎ᠠ ᠦᠭᠡ ᠲᠠᠢ᠃ ︽ᠪᠢ ᠲᠠ ᠨᠠᠷ ᠢ ᠰᠠᠶᠢᠨ ᠪᠣᠯᠲᠤᠭᠠᠢ᠂ ᠬᠥᠮᠥᠨ ᠲᠠᠢ ᠠᠳᠠᠯᠢ ᠶᠠᠪᠤᠲᠤᠭᠠᠢ ᠭᠡᠳ ᠷᠢᠨᠴᠢᠨ ᠲᠠᠢ ᠬᠤᠳᠠ ᠬᠤᠳᠠᠭᠠᠢ ᠪᠣᠯᠵᠤ ᠪᠠᠶᠢᠨ᠎ᠠ᠃ ᠴᠢ ᠪᠢᠲᠡᠭᠡᠢ ᠤᠯᠠᠨ ᠲᠠᠪᠤᠨ ᠦᠭᠡ ᠬᠡᠯᠡᠭᠡᠳ ᠪᠠᠢ︾ ︵ᠬᠤ · ᠪᠠᠳᠠᠢ᠄ ︽ᠨᠢᠯᠬ᠎ᠠ ᠴᠡᠴᠡᠭ︾᠂ ︽ᠬᠤ · ᠪᠠᠳᠠᠢ ᠶᠢᠨ ᠵᠣᠬᠢᠶᠠᠯ ᠤᠳ︾᠂ P.239︶᠃              ᠤᠯᠠᠨ ᠰᠦᠪᠡ ᠲᠠᠢ᠄ ᠠᠷᠭ᠎ᠠ ᠵᠠᠯᠢ ᠲᠠᠢ᠃ ︽ᠠᠢ᠂ ᠪᠣᠷᠣ ᠴᠢ ᠪᠠᠭ᠎ᠠ ᠪᠠᠶᠢᠲᠠᠯ᠎ᠠ ᠪᠠᠨ ᠱᠤᠯᠤᠮ ᠰᠢᠩᠭᠢ ᠤᠯᠠᠨ ᠰᠦᠪᠡ ᠲᠠᠢ ᠪᠠᠶᠢᠨ᠎ᠠ ᠴᠢ︾ ︵ᠬᠤ · ᠪᠠᠳᠠᠢ᠄ ︽ᠠᠮᠠ ᠲᠠᠢ ᠪᠣᠷᠣ︾᠂ P.63︶᠃              ᠣᠯᠣᠭᠰᠠᠨ ᠵᠥᠭᠡᠭᠡᠭᠰᠡᠨ ᠢᠶᠠᠨ ᠬᠤᠪᠢᠶᠠᠯᠴᠠᠬᠤ᠄ ᠦᠨᠡᠨᠴᠢ ᠳᠣᠲᠣᠨᠣ ᠬᠠᠷᠢᠯᠴᠠᠵᠤ ᠪᠠᠶᠢᠭᠰᠠᠨ ᠶᠠᠭᠤᠮ᠎ᠠ ᠪᠠᠨ ᠬᠠᠷᠠᠮ ᠦᠭᠡᠢ ᠬᠤᠪᠢᠶᠠᠯᠴᠠᠬᠤ᠃              ᠣᠯᠣᠭᠠᠢ ᠭᠤᠯᠤᠭᠠᠢ ᠪᠤᠯᠬᠤ᠄ ᠳᠤᠷ᠎ᠠ ᠦᠭᠡᠢ ᠪᠤᠯᠬᠤ᠃              ᠤᠯᠤᠨᠴᠤᠭ ᠢᠶᠠᠷ ᠢᠶᠠᠨ ᠮᠠᠯᠢᠶ᠎ᠠ ᠬᠢᠬᠦ᠄ ᠠᠷᠭ᠎ᠠ ᠪᠠᠨ ᠪᠠᠷᠠᠬᠤ᠃              ᠤᠮᠤᠷᠤᠨ ᠳᠣᠣᠷ᠎ᠠ ᠣᠷᠣᠬᠤ᠄ ᠳᠡᠭᠡᠷᠡᠯᠬᠡᠬᠦ᠃              ᠤᠭᠤᠴᠠ ᠲᠣᠯᠣᠭᠠᠢ ᠲᠠᠯᠪᠢᠬᠤ᠄ ᠬᠦᠨᠳᠦᠳᠬᠡᠯ ᠤᠨ ᠵᠣᠭᠤᠭ ᠪᠠᠷᠢᠬᠤ ︵ᠪᠠᠲᠤᠨᠠᠰᠤᠨ ᠲᠤᠰᠠᠯᠠᠭᠠᠴᠢ ᠳᠤ ︽ᠠᠯᠠᠭᠠᠨ ᠠᠴᠠ ᠠᠯᠳᠠ ᠴᠠᠭᠠᠨ ᠬᠠᠳᠠᠭ ᠪᠢᠲᠡᠭᠡᠢ ᠬᠤᠶᠢᠭᠠᠳᠤᠭᠠᠢ᠂ ᠣᠷᠣᠢ ᠠᠴᠠ ᠨᠢ ᠪᠠᠳᠮᠠᠷᠠᠩᠭᠤ ᠵᠢᠩᠰᠡ ᠪᠢᠲᠡᠭᠡᠢ ᠬᠤᠶᠢᠭᠠᠳᠤᠭᠠᠢ︾ ᠭᠡᠵᠦ ᠳᠠᠭᠤᠯᠠᠭᠠᠳ᠂ ᠬᠠᠳᠠᠭ ᠲᠠᠲᠠᠭᠠᠳ ᠤᠭᠤᠴᠠ ᠲᠣᠯᠣᠭᠠᠢ ᠲᠠᠯᠪᠢᠵᠤ ᠬᠦᠨᠳᠦᠳᠬᠡᠪᠡ︾ ︵ᠬᠤ · ᠪᠠᠳᠠᠢ᠄ ︽ᠠᠮᠠ ᠲᠠᠢ ᠪᠣᠷᠣ︾᠂ P.35︶᠃              ᠣᠭᠤᠰᠣᠷ ᠦᠭᠡᠢ ᠣᠷᠴᠢᠯᠠᠩ᠄ ᠲᠣᠭᠲᠠᠪᠤᠷᠢ ᠦᠭᠡᠢ᠃ ᠤᠷᠪᠠᠭᠠᠨ ᠬᠥᠷᠪᠡᠭᠡᠨ ᠲᠠᠢ ᠶᠢᠷᠲᠢᠨᠴᠦ᠃              ᠣᠭᠤᠰᠣᠷ ᠦᠭᠡᠢ ᠲᠠᠷᠪᠤᠰ᠄ ᠪᠠᠷᠢᠵᠤ ᠲᠠᠲᠠᠬᠤ ᠶᠠᠭᠤᠮ᠎ᠠ ᠦᠭᠡᠢ ᠤᠯᠠᠷᠢᠵᠤ ᠬᠤᠪᠢᠷᠠᠳᠠᠭ ᠰᠢᠨᠵᠢ ᠲᠠᠢ᠃ ︽ᠣᠷᠴᠢᠯᠠᠩ ᠭᠡᠳᠡᠭ ᠴᠢᠨᠢ᠂ ᠣᠭᠤᠰᠣᠷ ᠪᠦᠴᠡ ᠦᠭᠡᠢ ᠲᠠᠷᠪᠤᠰ ᠠᠳᠠᠯᠢ᠂ ᠭᠤᠯᠳᠤᠷᠢᠳᠠᠭ ᠤᠴᠢᠷ ᠲᠠᠢ ᠶᠤᠮ︾ ︵︽ᠵᠠᠩᠭᠠᠷ ᠤᠨ ᠡᠬᠡ ᠮᠠᠲ᠋ᠧᠷᠢᠶᠠᠯ 10︾᠂ P.277︶᠃              ᠣᠭᠤᠰᠣᠷ ᠵᠢᠯᠣᠭᠤ ᠦᠭᠡᠢ᠄ ᠬᠤᠷᠢᠭ ᠴᠡᠭᠡᠷ ᠦᠭᠡᠢ᠃ ᠰᠠᠬᠢᠯᠭ᠎ᠠ ᠪᠠᠲᠤ ᠮᠠᠭᠤᠲᠠᠢ              ᠤᠳᠬᠤ ᠣᠷᠣᠬᠤ ᠪᠠᠨ ᠣᠯᠵᠤ ᠴᠢᠳᠠᠬᠤ ᠦᠭᠡᠢ᠄ ᠢᠴᠢᠬᠦ ᠲᠦᠪᠡᠭᠳᠡᠬᠦ ᠬᠤᠣᠰᠯᠠᠵᠤ ᠶᠠᠭᠠᠬᠢᠬᠤ ᠪᠠᠨ ᠮᠡᠳᠡᠬᠦ ᠦᠭᠡᠢ ᠪᠤᠯᠬᠤ᠃ ︽ᠰᠠᠶᠢᠨ ᠠᠮᠠᠨ ᠦᠭᠡ ᠦᠭᠡᠢ᠂ ᠰᠠᠶᠢᠨ ᠭᠠᠩᠰᠠ ᠲᠠᠮᠠᠬᠢ ᠦᠭᠡᠢ ᠨᠤᠲᠤᠭ ᠤᠨ ᠳᠣᠲᠣᠷ᠎ᠠ ᠭᠠᠷ ᠬᠤᠭᠤᠰᠤᠳᠠᠭᠠᠳ᠂ ᠤᠳᠬᠤ ᠣᠷᠣᠬᠤ ᠪᠠᠨ ᠣᠯᠵᠤ ᠴᠢᠳᠠᠬᠤ ᠦᠭᠡᠢ᠂ ᠡᠮᠡᠭᠡᠨ ᠡᠪᠦᠭᠡᠨ ᠬᠤᠶᠠᠷ ᠨᠢᠭᠤᠷ ᠤᠯᠠᠶᠢᠭᠠᠳ ᠨᠢᠳᠦ ᠪᠦᠯᠳᠡᠭᠡᠯᠵᠡᠭᠡᠳ ᠪᠠᠶᠢᠬᠤ ᠪᠣᠯᠪᠠ ᠤᠤ︖︾ ︵ᠳ᠋ᠤ᠊ · ᠨᠠᠶᠢᠳᠠᠢ᠄ ︽ᠠᠪᠠᠭ᠎ᠠ ᠡᠭᠡᠴᠢ ᠶᠢᠨ ᠥᠯᠢᠭᠡᠷ︾᠂ P.323︶᠃              ᠣᠷᠣᠬᠤ ᠦᠭᠡᠢ ᠭᠡᠰᠡᠨ ᠠᠶᠢᠯ ᠳᠠᠭᠠᠨ ᠭᠤᠷᠪᠠ ᠣᠷᠣᠬᠤ᠄ ᠲᠠᠰᠤᠷᠬᠠᠢ ᠪᠠᠲᠤᠯᠠᠮᠵᠢᠲᠠᠢ ᠶᠠᠭᠤᠮᠠᠨ ᠭᠡᠵᠦ ᠪᠠᠶᠢᠬᠤ ᠦᠭᠡᠢ᠃              ᠣᠷᠣᠭᠰᠠᠨ ᠪᠤᠤᠷ᠎ᠠ ᠬᠡᠪᠲᠡᠢ᠄ ᠰᠠᠭᠰᠠᠭᠤ ᠣᠩᠭᠢᠷᠠᠭ᠎ᠠ ᠪᠠᠶᠢᠳᠠᠯ᠃ ︽ᠴᠡᠷᠡᠨᠵᠠᠪ ᠪᠠᠷᠢᠯᠳᠤᠬᠤ ᠦᠶ᠎ᠡ ᠳᠡᠭᠡᠨ ᠣᠷᠣᠭᠰᠠᠨ ᠪᠤᠤᠷ᠎ᠠ ᠮᠡᠲᠦ ᠤᠷᠤᠭᠤᠯ ᠠᠮᠠᠨ ᠠᠴᠠ ᠨᠢ ᠴᠠᠭᠠᠨ ᠬᠥᠭᠡᠰᠦᠨ ᠰᠠᠬᠠᠷᠠᠵᠤ᠂ ᠤᠷᠤᠭᠤ ᠶᠢᠨ ᠪᠤᠬ᠎ᠠ ᠰᠢᠭ᠋ ᠨᠢᠳᠦᠨ ᠠᠴᠠ ᠨᠢ ᠤᠯᠠᠭᠠᠨ ᠭᠡᠷᠡᠯ ᠴᠠᠴᠤᠷᠠᠵᠤ᠂ ᠰᠠᠭᠤᠷᠢ ᠳᠦᠩᠬᠦ ᠶᠢ ᠪᠤᠯᠭᠤ ᠪᠤᠯᠭᠤ ᠲᠠᠳᠠᠨ ᠰᠢᠪᠡᠭᠡᠳ ᠢᠷᠡᠳᠡᠭ ᠰᠦᠷᠡᠬᠡᠢ ᠰᠢᠷᠦᠭᠦᠨ ᠣᠮᠣᠭᠲᠠᠢ ᠬᠥᠮᠥᠨ ᠪᠢᠯᠡ ᠭᠡᠵᠦ ᠶᠡᠬᠡᠰ ᠶᠠᠷᠢᠯᠴᠠᠳᠠᠭ︾ ︵ᠪᠠ᠊᠆ · ᠵᠠᠰᠠᠨ᠎ᠠ ᠄ ︽ᠵᠡᠷᠭᠡᠯᠭᠡᠨᠲᠦ ᠨᠤᠲᠤᠭ ᠮᠢᠨᠢ︾᠂ P.59︶᠃              ᠤᠷᠤᠭᠤ ᠶᠢᠨ ᠪᠤᠬ᠎ᠠ ᠬᠡᠪᠲᠡᠢ᠄ ᠰᠠᠭᠰᠠᠭᠤ ᠣᠩᠭᠢᠷᠠᠭ᠎ᠠ ᠪᠠᠶᠢᠳᠠᠯ᠃ ︽ᠴᠡᠷᠡᠨᠵᠠᠪ ᠪᠠᠷᠢᠯᠳᠤᠬᠤ ᠦᠶ᠎ᠡ ᠳᠡᠭᠡᠨ ᠣᠷᠣᠭᠰᠠᠨ ᠪᠤᠤᠷ᠎ᠠ ᠮᠡᠲᠦ ᠤᠷᠤᠭᠤᠯ ᠠᠮᠠᠨ ᠠᠴᠠ ᠨᠢ ᠴᠠᠭᠠᠨ ᠬᠥᠭᠡᠰᠦᠨ ᠰᠠᠬᠠᠷᠠᠵᠤ᠂ ᠤᠷᠤᠭᠤ ᠶᠢᠨ ᠪᠤᠬ᠎ᠠ ᠰᠢᠭ᠋ ᠨᠢᠳᠦᠨ ᠠᠴᠠ ᠨᠢ ᠤᠯᠠᠭᠠᠨ ᠭᠡᠷᠡᠯ ᠴᠠᠴᠤᠷᠠᠵᠤ᠂ ᠰᠠᠭᠤᠷᠢ ᠳᠦᠩᠬᠦ ᠶᠢ ᠪᠤᠯᠭᠤ ᠪᠤᠯᠭᠤ ᠲᠠᠳᠠᠨ ᠰᠢᠪᠡᠭᠡᠳ ᠢᠷᠡᠳᠡᠭ ᠰᠦᠷᠡᠬᠡᠢ ᠰᠢᠷᠦᠭᠦᠨ ᠣᠮᠣᠭᠲᠠᠢ ᠬᠥᠮᠥᠨ ᠪᠢᠯᠡ ᠭᠡᠵᠦ ᠶᠡᠬᠡᠰ ᠶᠠᠷᠢᠯᠴᠠᠳᠠᠭ︾ ︵ᠪᠠ᠊᠆ · ᠵᠠᠰᠠᠨ᠎ᠠ ᠄ ︽ᠵᠡᠷᠭᠡᠯᠭᠡᠨᠲᠦ ᠨᠤᠲᠤᠭ ᠮᠢᠨᠢ︾᠂ P.59︶᠃              ᠣᠷᠣ ᠦᠭᠡᠢ ᠭᠠᠵᠠᠷ ᠣᠪᠣᠭ᠎ᠠ ᠪᠣᠰᠬᠠᠬᠤ᠄ ① ᠬᠠᠷ᠎ᠠ ᠭᠦᠷ ᠨᠠᠭᠠᠬᠤ᠃ ᠵᠣᠬᠢᠶᠠᠮᠠᠯ ᠬᠡᠷᠡᠭ ᠡᠭᠦᠰᠬᠡᠵᠦ ᠭᠦᠳᠬᠡᠵᠦ ᠭᠦᠵᠢᠷᠳᠡᠬᠦ᠃ ② ᠬᠡᠷᠡᠭ ᠡᠷᠢᠬᠦ᠃              ᠣᠷᠣ ᠣᠩᠭᠤᠢ ᠦᠭᠡᠢ᠄ ᠮᠥᠷ ᠰᠤᠷᠠᠭ ᠦᠭᠡᠢ᠃ ︽ᠶᠠᠭᠤ ᠴᠤ ᠭᠡᠰᠡᠨ ᠬᠤᠲᠠᠨ ᠳᠤ ᠪᠠᠶᠢᠭᠰᠠᠨ ᠬᠡᠳᠦᠬᠡᠨ ᠮᠠᠯ ᠨᠢ ᠠᠷᠪᠠᠭ᠋ᠠᠨ ᠬᠤᠨᠤᠭ ᠤᠨ ᠳᠣᠲᠣᠷ᠎ᠠ ᠱᠤᠯᠤᠮ ᠰᠢᠭᠦᠷᠡᠭᠰᠡᠨ ᠮᠡᠲᠦ ᠨᠢᠭᠡ ᠬᠤᠶᠠᠷ ᠢᠶᠠᠷ ᠭᠡᠭᠡᠳᠡᠷᠡᠵᠤ᠂ ᠬᠡᠭᠡᠷ᠎ᠡ ᠠᠴᠠ ᠣᠯᠳᠠᠭᠰᠠᠨ ᠥᠨᠥᠴᠢᠨ ᠲᠠᠭ᠎ᠠ ᠭᠦᠷᠳᠡᠯ᠎ᠡ ᠣᠷᠣ ᠣᠩᠭᠤᠢ ᠦᠭᠡᠢ ᠭᠡᠭᠡᠭᠳᠡᠵᠦ ᠤᠳᠤᠯ᠎ᠠ︾ ︵ᠫᠤ · ᠪᠠᠳᠮᠠᠷ᠎ᠠ᠄ ︽ᠬᠠᠯᠠ ᠪᠠᠷ ᠬᠠᠯᠲᠤᠷᠢᠭᠰᠠᠨ ᠵᠠᠶᠠᠭ᠎ᠠ︾᠂ P.43︶᠃              ᠣᠷᠣᠨ ᠳᠤ ᠦᠭᠡᠢ᠄ ᠬᠤᠣᠰ ᠦᠭᠡᠢ᠃ ᠴᠥᠭᠡᠨ ᠲᠣᠬᠢᠶᠠᠯᠳᠤᠳᠠᠭ ᠵᠦᠢᠯ᠂ ᠲᠤᠶᠢᠯ ᠤᠨ᠂ ᠮᠠᠰᠢ᠂ ᠶᠡᠬᠡᠳᠡ ᠣᠨᠴᠠᠭᠠᠢ᠃              ᠣᠷᠣᠨ ᠳᠤ ᠦᠭᠡᠢ ᠡᠯᠮᠡᠷ᠄ ᠮᠤᠩᠬᠠᠭ              ᠣᠷᠣᠨ ᠳᠤ ᠦᠭᠡᠢ ᠭᠠᠷᠢᠭ᠄ ᠲᠡᠨᠡᠭ ᠮᠤᠩᠬᠠᠭ᠃ ᠲᠤᠶᠢᠯ ᠤᠨ ᠲᠡᠨᠡᠭ᠃ ︽ᠤᠳᠤ ᠡᠷᠭᠢᠴᠡᠭᠦᠯᠪᠡᠯ ᠣᠷᠣᠨ ᠳᠤ ᠦᠭᠡᠢ ᠭᠠᠷᠢᠭ ᠪᠠᠶᠢᠵᠠᠢ ᠭᠡᠵᠦ ᠭᠡᠮᠰᠢᠮᠡᠷ ᠶᠤᠮ︾ ︵ᠲ᠊ · ᠨᠠᠮᠵᠢᠯ᠄ ︽ᠵᠡᠭᠦᠳᠦᠨ ᠤ ᠬᠤᠩᠭᠤᠷ ᠭᠤᠪᠢ ︾᠂ P.220︶᠃              ᠣᠷᠣᠨ ᠳᠤ ᠣᠷᠣᠬᠤ᠄ ① ᠡᠪᠡᠳᠬᠦ᠂ ② ᠭᠦᠨᠵᠢᠯᠡ ᠳᠡᠭᠡᠨ ᠣᠷᠣᠵᠤ ᠬᠡᠪᠲᠡᠬᠦ᠃ ︽ᠣᠳᠣᠬᠢ ᠡᠮᠡᠭᠡᠨ ᠣᠷᠣᠨ ᠳᠠᠭᠠᠨ ᠣᠷᠣᠭᠰᠠᠨ ᠲᠤᠯᠠ ᠲᠡᠭᠦᠨ ᠳᠤ ᠬᠡᠨ ᠨᠥᠬᠦᠳ ᠲᠤᠰᠠ ᠪᠣᠯᠣᠨ᠎ᠠ ᠭᠡᠬᠦ ᠪᠤᠢ︖︾ ︵ᠳ᠋ᠤ᠊ · ᠨᠠᠶᠢᠳᠠᠢ᠄ ︽ᠠᠷᠭᠠᠯ ᠤᠨ ᠴᠠᠭᠠᠨ ᠴᠡᠴᠡᠭ︾᠂ P.299︶᠃              ᠤᠷᠳᠠ ᠴᠤᠷᠳᠠ ᠵᠠᠩ ᠲᠠᠢ᠄ ᠬᠠᠴᠢᠨ ᠵᠠᠩ ᠲᠠᠢ ᠬᠥᠮᠥᠨ᠃ ᠪᠣᠯᠬᠢ ᠪᠦᠳᠦᠭᠦᠯᠢᠭ ᠵᠠᠩ ᠲᠠᠢ᠃              ᠣᠷᠣᠬᠤ ᠨᠦᠬᠡ ᠪᠠᠨ ᠣᠯᠵᠤ ᠶᠠᠳᠠᠬᠤ᠄ ᠢᠴᠢᠬᠦ᠃ ᠶᠡᠬᠡᠳᠡ ᠢᠴᠢᠬᠦ᠃ ︽ᠭᠠᠶᠢᠭᠤᠢ ᠪᠠᠶᠢᠨ᠎ᠠ᠂ ᠭᠠᠶᠢᠭᠤᠢ ᠪᠠᠶᠢᠨ᠎ᠠ ᠭᠡᠵᠦ ᠣᠷᠣᠬᠤ ᠨᠦᠬᠡ ᠪᠠᠨ ᠣᠯᠵᠤ ᠶᠠᠳᠠᠨ ᠬᠠᠶᠢᠪᠠᠭᠠᠯᠵᠠᠨ᠎ᠠ︾ ︵ᠫᠤ · ᠪᠠᠳᠮᠠᠷ᠎ᠠ᠄ ︽ᠬᠠᠯᠠ ᠪᠠᠷ ᠬᠠᠯᠲᠤᠷᠢᠭᠰᠠᠨ ᠵᠠᠶᠠᠭ᠎ᠠ︾᠂ P.101︶᠃              ᠣᠷᠣᠬᠤ ᠭᠠᠵᠠᠷ ᠢᠶᠠᠨ ᠣᠯᠵᠤ ᠶᠠᠳᠠᠬᠤ᠄ ᠢᠴᠢᠵᠦ ᠪᠠᠯᠮᠠᠬᠳᠠᠨ ᠶᠠᠭᠠᠬᠢᠬᠤ ᠪᠠᠨ ᠣᠯᠬᠤ ᠦᠭᠡᠢ ᠰᠠᠨᠳᠤᠷᠬᠤ᠃ ︽ᠨᠡᠷ᠎ᠡ ᠲᠤᠭᠤᠷᠠᠭᠰᠠᠨ ᠶᠡᠭᠡ ᠪᠦᠭᠡ ᠬᠦᠨᠳᠦ ᠭᠠᠷ ᠲᠠᠢ ᠮᠠᠯᠢᠶᠠᠴᠢ ᠡᠪᠦᠭᠡᠨ ᠢ ᠭᠡᠨᠡᠳᠲᠡ ᠲᠠᠨᠢᠭᠰᠠᠨ ᠭᠡᠷᠳᠡᠭᠢᠰ ᠠᠶᠤᠵᠤ ᠴᠣᠴᠢᠬᠤ ᠳᠠᠭᠠᠨ ᠣᠷᠣᠬᠤ ᠭᠠᠵᠠᠷ ᠢᠶᠠᠨ ᠣᠯᠵᠤ ᠶᠠᠳᠠᠨ ᠪᠠᠷᠭᠢᠯᠳᠠᠪᠠ︾ ︵ᠯ᠊ · ᠪᠠᠲᠤᠸ᠋ᠴᠢᠷ᠄ ︽ᠨᠠᠷᠠᠳᠤ ᠶᠢᠨ ᠨᠢᠭᠡ ᠡᠳᠦᠷ︾᠂ P.72︶᠃              ᠣᠷᠣᠬᠤ ᠦᠭᠡᠢ ᠭᠡᠰᠡᠨ ᠡᠭᠦᠳᠡ ᠪᠠᠷ ᠭᠤᠷᠪᠠ ᠣᠷᠣᠬᠤ᠄ ᠶᠠᠮᠠᠷ ᠨᠢᠭᠡ ᠬᠡᠷᠡᠭ ᠶᠠᠪᠤᠳᠠᠯ ᠳᠤ ᠲᠠᠰᠤᠷᠬᠠᠢ ᠳ᠋ᠦᠩ ᠭᠠᠷᠭᠠᠵᠤ ᠪᠤᠯᠬᠤ ᠦᠭᠡᠢ᠃              ᠤᠷᠭᠤᠭᠤᠯ ᠤᠨ ᠤᠬᠠᠭᠠᠨ ᠠᠴᠠ ᠰᠤᠷᠭᠠᠭᠤᠯᠢᠯ ᠤᠨ ᠤᠬᠠᠭᠠᠨ ᠳᠠᠪᠠᠭᠤ᠄ ᠳᠠᠮ ᠶᠠᠷᠢᠶ᠎ᠠ ᠰᠣᠨᠣᠰᠴᠤ ᠳᠥᠲᠡ ᠵᠠᠮ ᠢᠶᠠᠷ ᠶᠠᠪᠤᠬᠤ ᠶᠢ ᠭᠤᠷᠢᠳᠠᠭᠰᠠᠨ ᠠᠴᠠ ᠵᠦᠢ ᠶᠣᠰᠣᠭᠠᠷ ᠰᠢᠳᠤᠷᠭᠤ ᠶᠠᠪᠤᠪᠠᠯ ᠢᠯᠡᠭᠦᠦ ᠨᠠᠶᠢᠳᠠᠪᠤᠷᠢᠲᠠᠢ᠃              ᠣᠷᠴᠢᠯᠠᠩ ᠣᠷᠤᠭ᠎ᠠ ᠪᠣᠯᠣᠨ ᠵᠢᠷᠤᠭ᠎ᠠ᠄ ᠲᠡᠭᠰᠢ ᠪᠤᠰᠤ᠃ ᠣᠷᠴᠢᠯᠠᠩ ᠤᠷᠪᠠᠭᠠᠨ ᠬᠥᠷᠪᠡᠭᠡᠨ ᠲᠠᠢ ᠪᠠᠷ ᠬᠥᠳᠡᠯᠭᠡᠭᠡᠨ ᠳᠤᠮᠳᠠ ᠣᠷᠣᠰᠢᠳᠠᠭ᠃              ᠣᠷᠴᠢᠯᠠᠩ ᠤᠨ ᠲᠣᠭᠤᠰᠣᠨ ᠳᠤ ᠪᠠᠭᠲᠠᠬᠤ᠄ ᠤᠯᠠᠨ ᠲᠠᠢ ᠠᠳᠠᠯᠢ ᠪᠤᠯᠬᠤ᠃ ᠪᠤᠰᠤᠳ ᠲᠠᠢ ᠠᠳᠠᠯᠢ ᠠᠵᠤ ᠲᠥᠷᠥᠵᠦ ᠠᠮᠢᠳᠤᠷᠠᠬᠤ              ᠣᠷᠴᠢᠯᠠᠩ ᠤᠨ ᠲᠣᠭᠤᠰᠣ ᠬᠥᠳᠡᠯᠭᠡᠬᠦ᠄ ᠨᠡᠷ᠎ᠡ ᠠᠯᠳᠠᠷ ᠢᠶᠠᠨ ᠮᠠᠨᠳᠤᠭᠤᠯᠵᠤ᠂ ᠳᠠᠭᠤ ᠱᠤᠤ ᠲᠠᠢ ᠶᠠᠪᠤᠬᠤ᠃              ᠣᠷᠴᠢᠯᠠᠩ ᠰᠡᠯᠡᠭᠡ ᠲᠠᠢ᠄ ᠡᠭᠡᠯᠵᠢᠯᠡᠬᠦ᠃ ᠣᠷᠴᠢᠯᠠᠩ ᠤᠨ ᠵᠢᠮ᠎ᠡ ᠨᠢ ᠬᠥᠳᠡᠯᠭᠡᠭᠡᠨ ᠳᠤᠮᠳᠠ ᠣᠷᠣᠰᠢᠵᠤ ᠡᠭᠡᠯᠵᠢ ᠳᠠᠷᠠᠭ᠎ᠠ ᠲᠠᠢ ᠲᠤᠯᠠ ᠨᠢᠭᠡ ᠬᠡᠪ ᠲᠡᠭᠡᠨ ᠪᠠᠶᠢᠩᠭᠤ ᠪᠠᠶᠢᠳᠠᠭ ᠦᠭᠡᠢ᠃              ᠣᠷᠤᠭ᠎ᠠ ᠠᠴᠠ ᠵᠢᠷᠤᠭ᠎ᠠ᠄ ᠤᠯᠠᠮ ᠮᠠᠭᠤ ᠪᠤᠯᠬᠤ᠃              ᠣᠷᠤᠭ᠎ᠠ ᠵᠢᠷᠤᠭ᠎ᠠ ᠨᠡᠶᠢᠯᠡᠬᠦ᠄ ᠰᠠᠶᠢᠨ ᠮᠠᠭᠤ ᠨᠡᠶᠢᠯᠡᠬᠦ᠃              ᠤᠷᠤᠭᠤ ᠣᠷᠣᠬᠤᠯ᠎ᠠ ᠭᠠᠷᠤᠭᠤ ᠴᠦ ᠭᠠᠷᠳᠠᠭ᠄ ᠣᠯᠣᠯᠲᠠ ᠶᠢ ᠳᠠᠭᠠᠵᠤ ᠠᠯᠳᠠᠭᠳᠠᠯ ᠵᠠᠶᠢᠯᠠᠰᠢ ᠦᠭᠡᠢ ᠭᠠᠷᠳᠠᠭ ᠲᠤᠯᠠ ᠪᠦᠭᠦᠨ ᠢ ᠬᠤᠨᠵᠢᠬᠤ ᠪᠣᠯᠣᠮᠵᠢ ᠦᠭᠡᠢ᠃              ᠤᠷᠤᠭᠤ ᠶᠢᠨ ᠡᠭᠦᠳᠡ ᠶᠢ ᠰᠡᠬᠦᠬᠦ᠄ ᠰᠠᠶᠢᠨ ᠨᠥᠬᠦᠴᠡᠯ ᠢ ᠪᠦᠷᠢᠯᠳᠦᠭᠦᠯᠬᠦ᠃ ᠪᠠᠶᠠᠵᠢᠬᠤ ᠠᠷᠭ᠎ᠠ ᠵᠠᠮ ᠣᠯᠬᠤ᠃              ᠣᠷᠣᠢ ᠠᠴᠠ ᠠᠪᠤᠨ ᠣᠬᠤᠷ ᠰᠡᠭᠦᠯ ᠭᠦᠷᠳᠡᠯ᠎ᠡ᠄ ᠪᠤᠢ ᠪᠦᠭᠦ ᠶᠠᠭᠤᠮ᠎ᠠ᠂ ᠬᠠᠮᠤᠭ ᠠᠮᠢᠲᠠᠨ              ᠤᠷᠤᠭᠤ ᠶᠢᠨ ᠪᠤᠤᠷ᠎ᠠ ᠬᠡᠪᠲᠡᠢ᠄ ᠬᠦᠴᠦ ᠲᠠᠢ᠂ ᠰᠦᠷ ᠲᠠᠢ᠃              ᠣᠷᠣᠭᠰᠠᠨ ᠪᠤᠤᠷ᠎ᠠ ᠬᠡᠪᠲᠡᠢ᠄ ᠬᠦᠴᠦᠲᠡᠢ᠂ ᠰᠦᠷ ᠲᠠᠢ᠃ ︽ᠪᠠᠷᠳᠠᠭᠠᠨᠢᠭ ᠪᠠᠭᠠᠲᠤᠷ ᠮᠣᠷᠢᠨ ᠠᠴᠠ ᠪᠠᠨ ᠪᠠᠭᠤᠵᠤ ᠮᠣᠷᠢ ᠪᠠᠨ ᠤᠶᠠᠬᠤ ᠳᠤ ᠬᠠᠷ᠎ᠠ ᠰᠡᠷᠡᠯ ᠮᠣᠷᠢᠨ ᠤ ᠠᠮᠠᠨ ᠠᠴᠠ ᠨᠢ ᠣᠷᠣᠭᠰᠠᠨ ᠪᠤᠤᠷ᠎ᠠ ᠬᠡᠪᠲᠡᠢ ᠤᠯᠠᠨ ᠭᠦᠭᠡᠰᠤ ᠭᠠᠷᠴᠤ᠂ ᠤᠭᠤᠴᠠ ᠪᠣᠯᠣᠨ ᠲᠥᠷᠪᠡᠨ ᠴᠠᠪᠢ ᠨᠢ ᠤᠬᠢᠶᠠᠭᠰᠠᠨ ᠰᠠᠪᠤᠩ ᠤᠨ ᠭᠦᠭᠡᠰᠤ ᠬᠡᠪᠲᠡᠢ ᠭᠦᠭᠡᠰᠤ ᠭᠠᠷᠴᠠᠢ︾ ︵ᠨᠥ᠋᠊ · ᠵᠣᠷᠢᠭᠲᠤ᠄ ︽ᠬᠤᠪᠣᠭᠰᠠᠶᠢᠷᠢ ᠮᠣᠩᠭᠤᠯ ᠠᠷᠠᠳ ᠤᠨ ᠠᠮᠠᠨ ᠵᠣᠬᠢᠶᠠᠯ ᠤᠨ ᠳᠡᠭᠡᠵᠢ︾᠂ P.9︶᠃              ᠤᠷᠤᠭᠤ ᠶᠢᠨ ᠪᠤᠬ᠎ᠠ ᠬᠡᠪᠲᠡᠢ ᠤᠷᠤᠩᠭᠤᠳᠠᠬᠤ᠄ ᠶᠡᠭᠡ ᠲᠠᠭᠤ ᠪᠠᠷ ᠬᠠᠶᠢᠭᠢᠷᠠᠬᠤ᠃              ᠣᠷᠣᠯ ᠭᠠᠷᠤᠯ ᠤᠬᠠᠭᠠᠨ ᠲᠠᠢ᠄ ᠬᠤᠪᠢᠷᠠᠮᠠᠲᠠᠭᠠᠢ ᠵᠠᠩ ᠲᠠᠢ᠃ ᠪᠠᠲᠤ ᠵᠣᠭᠰᠣᠯᠲᠠ ᠦᠭᠡᠢ᠃  
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号