ᠵ᠊ · ᠰᠤᠳᠤᠨᠤᠮ | | ᠵᠥᠷᠢᠭᠡᠳ ᠥᠩᠭᠡᠷᠡᠬᠦ ᠶᠢᠨ ᠠᠭᠱᠠᠨ | ᠢᠯᠳᠠᠮᠬᠠᠨ ᠬᠠᠷᠠᠴᠠᠨ ᠳᠤ ᠴᠢᠨᠢ | ᠵᠤᠷᠠᠬᠰᠠᠨ ᠴᠦᠳᠡᠩ ᠰᠢᠭ | ᠠᠰᠠᠵᠤ ᠯᠡ ᠶᠠᠪᠤᠨ᠎ᠠ | ᠬᠤᠩᠭᠤᠷ ᠮᠢᠨᠢ ᠁ | | ᠴᠡᠭᠡᠵᠢᠨ ᠳᠣᠲᠣᠷ᠎ᠠ ᠮᠢᠨᠢ ᠳᠦᠷᠡᠯᠵᠡᠬᠦ | ᠢᠨᠠᠭ ᠤᠨ ᠭᠠᠯᠵᠠᠭᠤ ᠳᠤᠷᠠᠯᠠᠯ | ᠴᠠᠰᠤᠨ ᠳᠡᠭᠡᠷ᠎ᠡ ᠴᠢᠮᠡᠭᠡ ᠦᠭᠡᠢ | ᠰᠢᠲᠠᠵᠤ ᠯᠡ ᠶᠠᠪᠤᠨ᠎ᠠ | ᠬᠤᠩᠭᠤᠷ ᠮᠢᠨᠢ ᠁ | | ᠵᠡᠭᠦᠳᠦ ᠵᠡᠭᠦᠳᠦᠨ ᠤ ᠡᠬᠢᠨ ᠳᠤ | ᠵᠦᠩ ᠢᠶᠠᠷ ᠢᠶᠠᠨ ᠠᠭᠤᠯᠵᠠᠬᠤ | ᠵᠠᠯᠠᠭᠤᠬᠠᠨ ᠵᠢᠷᠦᠬᠡ ᠮᠢᠨᠢ | ᠵᠢᠷᠭᠠᠵᠤ ᠯᠠ ᠶᠠᠪᠤᠨ᠎ᠠ | ᠬᠤᠩᠭᠤᠷ ᠮᠢᠨᠢ ᠁ | | ᠪᠥᠵᠥᠩ ᠴᠠᠭᠠᠨ ᠰᠠᠷᠠᠨ ᠤ ᠭᠡᠭᠡ | ᠪᠦᠯᠢᠶᠡᠬᠡᠨ ᠤᠷᠤᠭᠤᠯ ᠳᠡᠭᠡᠷ᠎ᠡ ᠴᠢᠨᠢ ᠤᠷᠤᠰᠤᠨ᠎ᠠ | ᠪᠦᠷᠦᠭ ᠢᠴᠢᠮᠡᠬᠡᠢ ᠴᠢᠨᠦᠬᠢ ᠪᠠᠨ ᠠᠭᠠᠰᠢᠨ ᠳᠤ | ᠪᠦᠲᠦᠨ ᠪᠡᠶᠡᠨ ᠤ ᠡᠰ ᠮᠢᠨᠢ ᠪᠦᠭᠦᠳᠡ ᠳᠦᠷᠡᠯᠵᠡᠨ᠎ᠡ | ᠬᠠᠨᠢ ᠮᠢᠨᠢ ᠁ | ᠬᠠᠶᠢᠷ᠎ᠠ ᠮᠢᠨᠢ ᠁ | | ᠬᠠᠭᠠᠴᠠᠵᠤ ᠴᠢᠳᠠᠰᠢ ᠦᠭᠡᠢ ᠬᠠᠨᠠᠭᠠᠷ ᠡᠨᠡ ᠣᠷᠴᠢᠯᠠᠩ ᠳᠤ | ᠬᠢᠯᠢᠩ ᠦᠰᠦ ᠪᠠᠨ ᠪᠤᠭᠤᠷᠤᠯᠳᠠᠲᠠᠯᠠ ᠬᠤᠶᠠᠭᠤᠯᠠ ᠪᠠᠨ ᠁ | ᠭᠡᠵᠢᠭᠡᠨ ᠤ ᠴᠢᠨᠢ ᠲᠤᠩᠭᠠᠯᠠᠭ ᠲᠤ ᠣᠷᠣᠰᠢᠲᠠᠯᠠ ᠬᠤᠶᠠᠭᠤᠯᠠ ᠪᠠᠨ ᠁ | ᠬᠠᠶᠢᠷ᠎ᠠ ᠬᠠᠶᠢᠷ᠎ᠠ ᠶᠢᠨ ᠡᠷᠳᠡᠨᠢ ᠶᠢᠨ ᠪᠤᠮᠪᠠ ᠳᠤ ᠰᠢᠩᠭᠡᠲᠡᠯ᠎ᠡ ᠪᠠᠨ ᠬᠠᠨᠢᠯᠠᠶ᠎ᠠ | ᠳᠠᠭᠢᠨᠢ ᠮᠢᠨᠢ ᠁ | ᠪᠦᠰᠡᠭᠦᠢ ᠮᠢᠨᠢ ᠠ᠋ ᠁ |