| ᠲ᠊ · ᠪᠠᠲᠤᠪᠤᠶᠠᠨ | | | | ᠵᠣᠪᠠᠨ ᠵᠢᠷᠭᠠᠭᠰᠠᠨ ᠬᠦᠷᠡᠩ ᠵᠢᠷᠦᠬᠡᠨ ᠤ ᠪᠠᠨ | ᠵᠣᠭᠰᠤᠭ᠎ᠠ ᠴᠢᠯᠦᠭᠡ ᠦᠭᠡᠢ ᠴᠣᠬᠢᠯᠭ᠎ᠠ ᠶᠢ ᠴᠢᠩᠨᠠᠨ | ᠦᠶᠡᠷᠯᠡᠵᠦ ᠢᠷᠡᠬᠦ ᠥᠩᠭᠡ ᠶᠢᠨ ᠤᠷᠤᠰᠬᠠᠯ ᠤᠨ ᠢᠶᠠᠨ | ᠥᠨᠥ ᠮᠠᠷᠭᠠᠰᠢ ᠶᠢᠨ ᠪᠤᠳᠤᠯ ᠳᠤ ᠰᠠᠨᠠᠭᠠᠰᠢᠷᠠᠨ | ᠦᠯᠡᠮᠵᠢ ᠶᠢᠨ ᠲᠡᠩᠬᠡᠭᠡ ᠲᠠᠮᠢᠷ ᠢᠶᠠᠨ ᠰᠢᠪᠬᠠᠭᠰᠠᠨ | ᠥᠭᠭᠢᠶᠡᠮᠦᠷ ᠬᠦᠰᠡᠯ ᠢᠶᠠᠷ ᠡᠳᠦᠷ ᠰᠠᠷ᠎ᠠ ᠪᠠᠨ ᠤᠶᠠᠰᠬᠠᠨ | ᠣᠭᠰᠢᠨ ᠳᠡᠯᠪᠡᠷᠡᠬᠦ ᠬᠠᠶᠢᠷ᠎ᠠ ᠶᠢᠨ ᠠᠶᠠᠯᠭᠤ ᠪᠠᠷ | ᠣᠷᠴᠢᠯᠠᠩ ᠳᠡᠯᠡᠬᠡᠢ ᠲᠠᠶᠢᠪᠤᠰᠢᠷᠠᠬᠤ ᠶᠢ ᠵᠥᠩᠨᠡᠨ | ᠥᠷᠥᠭᠡᠯ ᠪᠤᠰᠤᠳ ᠤᠨ ᠡᠮᠦᠨ᠎ᠡ ᠠᠴᠠ ᠰᠡᠳᠬᠢᠯ ᠢᠶᠠᠨ ᠬᠠᠶᠢᠯᠭᠠᠨ | ᠥᠷᠥ ᠶᠢᠨ ᠮᠢᠬ᠎ᠠ ᠪᠠᠨ ᠰᠢᠨᠠᠯᠭᠠᠨ ᠰᠢᠨᠠᠯᠭᠠᠨ ᠪᠠᠶᠢᠵᠤ | ᠰᠢᠯᠦᠭ ᠢᠶᠠᠨ ᠪᠢ ᠲᠡᠷᠯᠡᠳᠡᠭ ᠰᠠᠨ | ᠢᠷᠠᠭᠤ ᠨᠠᠶᠢᠷᠠᠭ ᠤᠨ ᠡᠭᠡᠰᠢᠭ ᠲᠤ | ᠲᠠᠯᠮᠢᠶᠠᠷᠠᠵᠤ ᠶᠠᠪᠤᠬᠤ ᠶᠢᠨ ᠤᠴᠢᠷ ᠨᠢ | ᠢᠯᠠᠭᠤᠭᠰᠠᠨ ᠶᠡᠭᠡ ᠢᠷᠠᠭᠤ ᠵᠣᠬᠢᠰᠲᠤ ᠪᠠᠷ | ᠰᠠᠨᠠᠭᠠᠰᠢᠷᠠᠳᠠᠭ ᠪᠣᠯᠣᠭᠠᠳ ᠲᠠᠷᠠ ᠠ᠋︕ | | ᠥᠩᠭᠡ ᠮᠥᠩᠭᠦᠨ ᠳᠤ ᠪᠦᠳᠦᠷᠢᠵᠦ ᠬᠤᠶᠢᠰᠢ ᠰᠠᠭᠤᠬᠤ ᠦᠭᠡᠢ | ᠦᠵᠡᠰᠭᠦᠯᠡᠩ ᠭᠤᠸ᠎ᠠ ᠳᠤ ᠲᠠᠴᠢᠶᠠᠳᠠᠨ ᠤᠷᠤᠭᠰᠢ ᠰᠢᠨᠤᠬᠤ ᠦᠭᠡᠢ | ᠤᠤᠭᠠᠯ ᠨᠤᠲᠤᠭ ᠤᠨ ᠢᠶᠠᠨ ᠡᠮᠵᠡᠭ ᠰᠡᠷᠡᠯ ᠳᠤ ᠬᠥᠲᠥᠯᠥᠭᠳᠡᠨ | ᠤᠷᠮ᠎ᠠ ᠬᠦᠰᠡᠯ ᠤᠨ ᠢᠶᠠᠨ ᠭᠡᠨᠡᠳᠲᠡ ᠶᠢᠨ ᠠᠶᠠᠯᠭᠤᠨ ᠳᠤ ᠵᠥᠭᠡᠯᠡᠷᠡᠨ | ᠦᠨᠡᠨ ᠰᠡᠳᠬᠢᠯ ᠤᠨ ᠦᠭᠡ ᠪᠠᠨ ᠰᠢᠪᠰᠢᠨ ᠰᠢᠪᠰᠢᠨ ᠪᠠᠶᠢᠵᠤ | ᠰᠢᠯᠦᠭ ᠢᠶᠠᠨ ᠪᠢ ᠪᠢᠴᠢᠳᠡᠭ ᠰᠠᠨ | ᠢᠷᠠᠭᠤ ᠨᠠᠶᠢᠷᠠᠭ ᠤᠨ ᠡᠭᠡᠰᠢᠭ ᠲᠤ | ᠲᠠᠯᠮᠢᠶᠠᠷᠠᠵᠤ ᠶᠠᠪᠤᠬᠤ ᠶᠢᠨ ᠤᠴᠢᠷ ᠨᠢ | ᠢᠯᠠᠭᠤᠭᠰᠠᠨ ᠶᠡᠭᠡ ᠢᠷᠠᠭᠤ ᠵᠣᠬᠢᠰᠲᠤ ᠶᠢᠨ ᠳᠤᠮᠳᠠ | ᠠᠮᠢᠳᠤᠷᠠᠳᠠᠭ ᠪᠣᠯᠣᠭᠠᠳ ᠲᠠᠷᠠ ᠠ᠋︕ | | ᠤᠷᠭᠤᠭ᠎ᠠ ᠠᠮᠢᠰᠬᠤᠯᠲᠤ ᠤᠢ ᠮᠣᠳᠣᠳ ᠢᠶᠠᠨ | ᠤᠨᠠᠬᠤ ᠶᠢᠨ ᠲᠣᠭᠠᠯᠠᠩ ᠢᠶᠠᠷ ᠵᠢᠷᠦᠬᠡ ᠪᠠᠨ ᠰᠢᠮᠰᠢᠷᠡᠭᠦᠯᠵᠦ | ᠤᠨᠳᠤᠷᠤᠮᠠᠯ ᠪᠤᠯᠠᠭ ᠭᠤᠣᠯ ᠮᠥᠷᠡᠨ ᠤ ᠪᠠᠨ | ᠤᠷᠤᠰᠬᠠᠯ ᠢ ᠨᠢ ᠬᠠᠷᠠᠭᠠᠳ ᠰᠡᠳᠬᠢᠯ ᠭᠠᠩᠰᠠᠷᠠᠵᠤ | ᠨᠡᠭᠦᠳᠡᠯᠯᠡᠨ ᠢᠷᠡᠬᠦ ᠬᠤᠯᠡ ᠶᠢᠨ ᠰᠢᠪᠠᠭᠤᠳ ᠤᠨ ᠢᠶᠠᠨ | ᠡᠯᠢᠭᠡ ᠳᠡᠪᠲᠦᠭᠡᠬᠦ ᠨᠠᠭᠤᠷ ᠢ ᠨᠢ ᠴᠡᠯᠡᠯᠵᠡᠭᠦᠯᠬᠦ ᠭᠡᠵᠦ | ᠨᠠᠶᠢᠷᠯᠠᠯᠳᠤᠨ ᠨᠠᠮᠤᠷᠰᠢᠳᠠᠭ ᠮᠠᠯᠴᠢᠨ ᠠᠮᠢᠳᠤᠷᠠᠯ ᠤᠨ ᠢᠶᠠᠨ | ᠨᠤᠲᠤᠭ ᠰᠡᠯᠭᠦᠬᠦ ᠵᠡᠭᠦᠳᠦ ᠶᠢ ᠨᠢ ᠮᠠᠨᠠᠬᠤ ᠭᠡᠵᠦ | ᠭᠤᠨᠢᠬᠤ ᠶᠢᠨ ᠲᠦᠷᠦᠭᠦᠨ ᠳᠤ ᠭᠤᠨᠢᠭᠯᠠᠭᠰᠠᠨ | ᠬᠦᠰᠡᠯ ᠢᠶᠠᠨ ᠰᠢᠪᠡᠨᠡᠬᠦ ᠰᠠᠨ ᠭᠡᠵᠦ ᠁ | ᠭᠤᠸ᠎ᠠ ᠰᠠᠶᠢᠬᠠᠨ ᠢ ᠵᠢᠷᠤᠭᠯᠠᠨ ᠵᠢᠷᠤᠭᠯᠠᠨ ᠪᠠᠶᠢᠵᠤ | ᠰᠢᠯᠦᠭ ᠢᠶᠠᠨ ᠪᠢ ᠡᠬᠢᠯᠡᠳᠡᠭ ᠰᠠᠨ | ᠢᠷᠠᠭᠤ ᠨᠠᠶᠢᠷᠠᠭ ᠤᠨ ᠡᠭᠡᠰᠢᠭ ᠲᠤ | ᠲᠠᠯᠮᠢᠶᠠᠷᠠᠵᠤ ᠶᠠᠪᠤᠬᠤ ᠶᠢᠨ ᠤᠴᠢᠷ ᠨᠢ | ᠢᠯᠠᠭᠤᠭᠰᠠᠨ ᠶᠡᠭᠡ ᠢᠷᠠᠭᠤ ᠵᠣᠬᠢᠰᠲᠤ ᠶᠢ | ᠪᠦᠲᠦᠭᠡᠳᠡᠭ ᠪᠣᠯᠣᠭᠠᠳ ᠲᠠᠷᠠ ᠠ᠋︕ |