| ᠰᠡᠷᠭᠦᠯᠡᠩᠪᠠᠲᠤ | | | ᠬᠠᠨ ᠬᠤᠷᠸ᠎ᠠ ᠶᠢᠨ ᠴᠢᠮᠡᠭ | ᠬᠠᠳᠤᠨ ᠵᠠᠶᠠᠭᠠᠨ ᠤ ᠪᠦᠰᠡᠭᠦᠶᠢᠴᠦᠳ ᠮᠢᠨᠢ | ᠨᠢᠯᠬ᠎ᠠ ᠪᠠᠭ᠎ᠠ ᠠᠴᠠ ᠪᠠᠨ | ᠠᠪᠤ ᠡᠵᠢ ᠶᠢᠨ ᠪᠦᠪᠡᠢ | ᠪᠠᠭ᠎ᠠ ᠨᠠᠰᠤᠨ ᠠᠴᠠ ᠪᠠᠨ | ᠪᠠᠭᠰᠢ ᠶᠢᠨ ᠡ᠊ᠩᠭᠦᠷᠡᠢ ᠬᠠᠶᠢᠷᠠᠯᠠᠯ | ᠤᠷᠭᠤᠭ᠎ᠠ ᠨᠠᠰᠤᠨ ᠳᠠᠭᠠᠨ | ᠤᠷᠭᠤᠮᠠᠯ ᠴᠡᠴᠡᠭ ᠢ ᠭᠤᠨᠳᠠᠭᠠᠵᠤ | ᠽᠠᠨᠳᠠᠨ ᠭᠤᠸ᠎ᠠ ᠳᠠᠭᠠᠨ | ᠵᠠᠯᠠᠭᠤᠴᠤᠳ ᠤᠨ ᠵᠢᠷᠦᠬᠡ ᠶᠢ ᠪᠣᠯᠭᠢᠭᠤᠯᠵᠤ | ᠤᠷᠤᠭᠤᠯ ᠤᠨ ᠪᠤᠳᠤᠭ | ᠡᠭᠡᠮᠦᠭ ᠤᠨ ᠥᠩᠭᠡ | ᠤᠬᠠᠭᠠᠨ ᠤ ᠰᠣᠳᠣᠨ | ᠤᠶᠠᠬᠠᠨ ᠳᠠᠭᠢᠨᠢ | ᠤᠷᠭᠤᠵᠤ ᠪᠠᠶᠢᠭ᠎ᠠ ᠰᠣᠶᠤᠭ᠎ᠠ | ᠪᠠᠳᠮᠠᠯᠠᠵᠤ ᠪᠠᠶᠢᠭ᠎ᠠ ᠲᠡᠯᠪᠢ | ᠨᠠᠷᠭᠢᠮ᠎ᠠ ᠵᠠᠯᠠᠭᠤ ᠨᠠᠰᠤᠨ ᠤ | ᠦᠷ᠎ᠡ ᠶᠢᠨ ᠪᠦᠪᠡᠢ ᠲᠠᠢ ᠬᠤᠷᠸ᠎ᠠ | ᠲᠠ ᠪᠦᠭᠦᠨ ᠤ ᠪᠢᠯᠡ︕ | ᠵᠠᠯᠠᠭᠤ ᠭᠠᠩᠭᠠᠩ ᠪᠦᠰᠡᠭᠦᠢ ᠶᠢᠨ | ᠡᠬᠡ ᠪᠣᠯᠤᠭᠰᠠᠨ ᠪᠠᠶᠠᠷ | ᠽᠠᠮᠪᠤᠯᠢᠩ ᠬᠤᠷᠸ᠎ᠠ ᠶᠢᠨ ᠥᠷᠥᠴᠡᠨ ᠳᠤ | ᠡᠮᠡᠭᠡ ᠰᠠᠭᠤᠭᠰᠠᠨ ᠳᠤᠷᠠᠰᠤᠮᠵᠢ︕ | ᠡᠭᠡᠯ ᠤᠨ ᠡᠭᠡᠯ ᠳᠡᠯᠡᠬᠡᠢ ᠳᠤ | ᠡᠬᠡ ᠪᠣᠯᠤᠭᠰᠠᠨ ᠪᠦᠭᠦᠨ ᠳᠤ | ᠡ᠊ᠩᠭᠡ ᠣᠷᠴᠢᠯᠠᠩ ᠤᠨ ᠵᠢᠷᠭᠠᠯᠠᠩ | ᠡᠳᠦᠷ ᠪᠦᠭᠦᠨ ᠲᠠ ᠨᠠᠷ ᠤᠨ ᠬᠢ ᠭᠡᠵᠦ | ᠡᠷᠬᠡ ᠭᠤᠸ᠎ᠠ ᠪᠦᠰᠡᠭᠦᠶᠢᠴᠦᠦᠯ ᠳᠤ | ᠡ᠊ᠩᠭᠡ ᠮᠡᠨᠳᠦ ᠶᠢᠨ ᠬᠠᠳᠠᠭ ᠢᠶᠠᠨ ᠡᠷᠭᠦᠶ᠎ᠡ | ᠤᠷᠳᠤ ᠠᠴᠠ ᠤᠷᠳᠤ ᠨᠠᠰᠤᠯᠠᠭᠠᠷᠠᠢ︕ | ᠤᠳᠤᠮ ᠲᠠᠮᠵᠢᠨ ᠵᠢᠷᠭᠠᠭᠠᠷᠠᠢ︕ | ᠦᠶ᠎ᠡ ᠶᠢᠨ ᠦᠶ᠎ᠡ ᠳᠡᠭᠡᠨ | ᠡᠷᠬᠢᠮᠰᠦᠭ ᠬᠠᠳᠤᠨ ᠤᠬᠠᠭᠠᠨᠲᠠᠨ ᠪᠣᠯᠣᠭᠠᠷᠠᠢ︕ |