ᠲ᠊ · ᠪᠠᠲᠤᠪᠤᠶᠠᠨ | | ᠴᠡᠪ ᠴᠡᠩᠬᠡᠷ ᠳᠤᠷᠠᠯᠠᠯ ᠤᠨ ᠦᠭᠡ ᠮᠥᠷᠥᠭᠡᠳᠦᠯ ᠤᠨ ᠡᠭᠡᠰᠢᠭ ᠲᠠᠢ | ᠴᠡᠪᠡᠷ ᠴᠠᠶᠢᠯᠭᠠᠨ ᠬᠦᠰᠡᠯᠲᠦ ᠠᠮᠢᠳᠤᠷᠠᠯ ᠳᠠᠭᠤᠤ ᠶᠢᠨ ᠠᠪᠢᠶ᠎ᠠ ᠲᠠᠢ | ᠬᠠᠶᠢᠷ᠎ᠠ ᠪᠢᠯᠬᠠᠭᠰᠠᠨ ᠬᠠᠯᠠᠮᠵᠢ ᠶᠢᠨ ᠰᠤᠷᠭᠠᠯ ᠠᠯᠢᠮ᠎ᠠ ᠶᠢᠨ ᠠᠮᠲᠠ ᠲᠠᠢ | ᠬᠠᠶᠠᠭ᠎ᠠ ᠳᠡᠷᠡᠯᠡᠭᠰᠡᠨ ᠠᠶᠢᠯ ᠤᠨ ᠵᠢᠷᠤᠭ ᠳᠤᠷᠠᠯᠠᠯ ᠤᠨ ᠥᠩᠭᠡ ᠲᠠᠢ | ᠵᠡᠭᠦᠳᠦᠨ ᠳᠡᠭᠡᠨ ᠢᠷᠡᠭᠰᠡᠨ ᠬᠠᠶᠢᠷ᠎ᠠ ᠶᠢᠨ ᠤᠶᠠᠩᠭ᠎ᠠ ᠴᠡᠩᠬᠡᠷ ᠥᠩᠭᠡ ᠲᠠᠢ | ᠵᠡᠷᠭᠡᠯᠭᠡᠨ ᠲᠣᠭᠯᠠᠭᠰᠠᠨ ᠭᠤᠪᠢ ᠬᠠᠩᠭᠠᠢ ᠮᠢᠨᠢ ᠪᠤᠭᠤᠷᠤᠯ ᠥᠩᠭᠡ ᠲᠠᠢ | ᠢᠲᠡᠭᠡᠯ ᠳᠠᠯᠠᠯᠤᠭᠰᠠᠨ ᠠᠯᠤᠰ ᠢᠷᠡᠭᠡᠳᠦᠢ ᠮᠢᠨᠢ ᠰᠣᠯᠣᠩᠭ᠎ᠠ ᠶᠢᠨ ᠥᠩᠭᠡ ᠲᠠᠢ | ᠢᠷᠡᠬᠦ ᠣᠨ ᠤ ᠵᠢᠷᠭᠠᠯ ᠤᠨ ᠲᠤᠶᠠᠭ᠎ᠠ ᠨᠠᠷᠠᠨ ᠤ ᠥᠩᠭᠡ ᠲᠠᠢ | ᠤᠷᠭᠤᠭ᠎ᠠ ᠠᠮᠢᠰᠬᠤᠯᠲᠤ ᠨᠤᠲᠤᠭ ᠤᠨ ᠪᠠᠷ᠎ᠠ ᠮᠥᠷᠥᠭᠡᠳᠦᠯ ᠤᠨ ᠪᠣᠷᠣᠭᠠᠨ ᠲᠠᠢ | ᠤᠶᠠᠬᠠᠨ ᠰᠡᠳᠬᠢᠯ ᠤᠨ ᠮᠢᠨᠢ ᠠᠮᠠᠷᠠᠭ ᠳᠤᠷᠠᠯᠠᠯ ᠰᠢᠯᠦᠭ ᠤᠨ ᠪᠣᠷᠣᠭᠠᠨ ᠲᠠᠢ | ᠬᠦᠰᠡᠯ ᠴᠠᠯᠭᠢᠯᠤᠬᠰᠠᠨ ᠠᠮᠢᠳᠤᠷᠠᠯ ᠤᠨ ᠳᠠᠭᠤᠤ ᠴᠡᠩᠬᠡᠷ ᠡᠭᠡᠰᠢᠭ ᠲᠠᠢ | ᠬᠥᠮᠥᠨ ᠪᠤᠯᠬᠤ ᠶᠢᠨ ᠠᠵᠠ ᠵᠢᠷᠭᠠᠯ ᠬᠠᠶᠢᠷ᠎ᠠ ᠶᠢᠨ ᠰᠣᠯᠣᠩᠭ᠎ᠠ ᠲᠠᠢ᠃ | |