ᠭᠦ᠊᠆ · ᠺᠦᠶᠧ | | ᠬᠤᠮ ᠲᠣᠨᠳᠠᠷᠭᠠ ᠦᠭᠡᠢ ᠴᠡᠯᠡᠶᠢᠭᠰᠡᠨ ᠲᠠᠷᠭᠤᠨ ᠢᠩᠭᠡᠨ ᠤ ᠲᠠᠯᠠᠩ ᠬᠥᠬᠦ ᠨᠢ ᠴᠠᠪᠢ ᠪᠠᠨ | ᠳᠦᠭᠦᠷᠭᠡᠵᠦ᠂ ᠢᠩᠭᠡ ᠪᠣᠲᠣᠭᠤ ᠪᠤᠶᠢᠯᠠᠯᠳᠤᠭᠰᠠᠨ ᠬᠠᠪᠤᠷ ᠤᠨ ᠡᠬᠢ ᠪᠠᠷ᠂ ︽ᠲᠠᠪᠤᠨ ᠵᠠᠭᠤᠨ ᠲᠡᠮᠡᠭᠡ ᠲᠠᠢ | ᠲᠠᠪᠤᠱᠠᠢ ᠶᠢᠨ ᠵᠤᠵᠠᠢ︾ ᠭᠡᠳᠡᠭ ᠰᠠᠶᠢᠬᠠᠨ ᠬᠤᠴᠢ ᠲᠠᠢ ᠨᠤᠲᠤᠭ ᠤᠨ ᠳᠡᠭᠦᠦ ᠵᠤᠵᠠᠢ ᠶᠢᠨ ᠭᠡᠳᠦ ᠬᠡᠳᠦᠨ | ᠤᠳᠠᠭ᠎ᠠ ᠶᠢᠨ ᠢᠩᠭᠡᠨ ᠦᠰᠦ᠋ ᠤᠤᠭᠤᠬᠤ ᠳᠤ ᠵᠠᠯᠠᠭᠰᠠᠨ ᠤᠲᠠᠰᠤ ᠶᠢ ᠲᠣᠰᠴᠦ᠂ ᠬᠠᠪᠤᠷ ᠤᠨ ᠨᠢᠭᠡᠨ ᠲᠤᠩᠭᠠᠯᠠᠭ | ᠥᠷᠯᠥᠭᠡ ᠬᠦᠢᠰᠦ ᠶᠢᠨ ᠴᠢᠰᠤ ᠪᠠᠨ ᠰᠢᠩᠭᠡᠭᠡᠵᠦ ᠬᠥᠯ ᠤᠨ ᠮᠥᠷ ᠢᠶᠠᠨ ᠦᠯᠡᠳᠡᠭᠡᠵᠦ᠂ ᠠᠭᠤᠯᠠ ᠨᠢ ᠬᠠᠩᠭᠢᠨᠠᠲᠠᠯ᠎ᠠ | ᠳᠠᠭᠤᠯᠠᠵᠤ᠂ ᠤᠰᠤ ᠨᠢ ᠴᠠᠯᠭᠢᠯᠠᠲᠠᠯ᠎ᠠ ᠲᠣᠭᠯᠠᠵᠤ ᠥᠰᠦᠭᠰᠡᠨ ᠪᠣᠷᠣᠭᠠᠲᠤ ᠶᠢᠨ ᠠᠭᠤᠯᠠ ᠶᠢᠨ ᠤᠳᠠᠨ ᠳᠠᠬᠢ | ᠬᠠᠪᠤᠷᠵᠢᠩ ᠳᠠᠭᠠᠨ ᠬᠠᠪᠤᠷᠵᠢᠵᠤ ᠪᠠᠶᠢᠬᠤ ᠵᠤᠵᠠᠢ ᠶᠢᠨ ᠳᠤ ᠬᠦᠷᠬᠦ ᠪᠠᠷ ᠠᠶᠠᠨ ᠤ ᠵᠠᠮ ᠳᠠᠭᠠᠨ ᠭᠠᠷᠤᠯ᠎ᠠ᠃ | ᠮᠢᠨᠤ ᠰᠠᠭᠤᠭᠰᠠᠨ ᠮᠠᠰᠢᠨ ᠲᠡᠷᠭᠡ ᠬᠤᠱᠣᠳ - ᠺᠤᠷᠯᠠ ᠶᠢᠨ ᠬᠤᠷᠳᠤᠨ ᠪ᠊ ᠵᠠᠮ ᠢᠶᠠᠷ ᠵᠠᠭᠤᠨ | ᠬᠤᠷᠢᠨ ᠺᠢᠯᠣᠮᠧᠲᠷ ᠴᠠᠭ ᠤᠨ ᠬᠤᠷᠳᠤᠴᠠ ᠪᠠᠷ ᠠᠶᠠᠯᠠᠵᠤ ᠪᠠᠶᠢᠭᠰᠠᠨ ᠢᠶᠠᠨ᠂ ᠬᠤᠱᠣᠳ ᠰᠢᠶᠠᠨ ᠤ ᠣᠰᠢᠲᠠᠯᠠ | ᠰᠤᠮᠤᠨ ᠳᠤ ᠬᠦᠷᠴᠦ ᠬᠤᠷᠳᠤᠨ ᠪ᠊ ᠵᠠᠮ ᠠᠴᠠ ᠪᠠᠭᠤᠵᠤ᠂ ᠬᠡᠭᠡᠷ᠎ᠡ ᠶᠢᠨ ᠰᠢᠪᠠᠭᠤ ᠨᠢᠰᠦᠭᠡᠳ ᠥᠩᠭᠡᠷᠡᠬᠦ ᠳᠡᠭᠡᠨ | ᠣᠶᠠᠳᠠᠮᠠᠷ ᠬᠥᠳᠡᠭᠡ ᠱᠠᠯᠠ ᠶᠢ ᠡᠪᠬᠡᠨ᠎ᠡ᠃ ᠥᠩᠭᠡᠷᠡᠭᠰᠡᠨ ᠤ ᠴᠠᠭᠠᠨ ᠲᠣᠭᠤᠰᠣ ᠳᠡᠭᠳᠡᠭᠰᠡᠨ ᠬᠠᠶᠢᠷ ᠴᠢᠯᠠᠭᠤ ᠲᠠᠢ | ᠡ᠊ᠩᠭᠦᠯ ᠳᠤᠩᠬᠤᠯ ᠪᠠᠶᠢᠭᠠᠯᠢᠯᠢᠭ ᠬᠠᠭᠠᠯᠭ᠎ᠠ ︵ᠵᠠᠮ︶ ᠨᠢ ᠣᠳᠣ ᠬᠡᠭᠡᠨᠴᠢᠷ ᠬᠡᠦᠬᠡᠨ ᠵᠢᠰᠦ ᠪᠠᠨ ᠭᠡᠷᠳᠡᠮᠡᠭᠡᠷ | ︵ᠲᠣᠯᠢᠳᠠᠮᠠᠷ︶ ᠨᠢᠭᠤᠷ ᠤᠨ ᠭᠡᠷ ︵ᠵᠢᠰᠦ ᠲᠣᠯᠢᠳᠠᠬᠤ ᠲᠣᠯᠢ︶ ᠰᠢᠭ ᠲᠡᠭᠰᠢᠬᠡᠨ ᠴᠠᠷᠳᠠᠮᠠᠯ ᠬᠠᠭᠠᠯᠭ᠎ᠠ ᠪᠣᠯᠵᠤ᠂ | ᠮᠠᠰᠢᠨ ᠲᠡᠷᠭᠡ ᠨᠢᠭᠡ ᠯᠡ ᠭᠡᠮ ᠢᠶᠠᠷ ᠳᠠᠪᠬᠢᠬᠤ ᠳᠤ ᠬᠠᠪᠤᠷ ᠤᠨ ᠵᠡᠷᠭᠡᠯᠭᠡᠨ ᠳᠤᠮᠳᠠ ᠪᠥᠷᠲᠥᠯᠵᠡᠬᠦ ᠬᠥᠳᠡᠭᠡ ᠲᠠᠯ᠎ᠠ᠂ | ᠬᠤᠯᠠ ᠶᠢᠨ ᠬᠤᠯᠠ ᠳᠤ ᠤᠨᠢᠶᠠᠷᠲᠤᠬᠤ ᠠᠭᠤᠯᠠ ᠬᠠᠶᠢᠷᠬᠠᠨ᠂ ᠬᠠᠶᠠ ᠲᠦᠰᠦᠭᠡᠴᠡᠷ ᠬᠠᠷᠠᠭᠳᠠᠬᠤ ᠮᠠᠯᠴᠢᠳ ᠤᠨ | ᠲᠣᠭᠤᠰᠭ᠋᠎ᠠ ᠪᠦᠲᠦᠴᠡ ᠲᠠᠢ ᠰᠢᠨ᠎ᠡ ᠰᠠᠭᠤᠷᠢᠰᠢᠯ ᠤᠨ ᠭᠡᠷ ᠪᠠᠶᠢᠰᠢᠩ᠂ ᠬᠠᠰᠢᠶ᠎ᠠ ᠬᠤᠷᠤᠭ᠎ᠠ᠂ ᠪᠡᠯᠴᠢᠭᠡᠷ ᠲᠡᠭᠡᠨ | ᠢᠳᠡᠰᠢᠯᠡᠬᠦ ᠮᠠᠯ ᠰᠦᠷᠦᠭ ᠮᠢᠨᠤ ᠤᠷᠢᠳᠤ ᠬᠠᠷᠠᠭᠳᠠᠭ᠎ᠠ ᠦᠭᠡᠢ ᠲᠠᠩᠰᠤᠭ ᠭᠤᠶᠣ ᠦᠵᠡᠮᠵᠢ ᠪᠣᠯᠵᠤ ᠮᠠᠰᠢ | ᠭᠤᠶᠣᠬᠠᠨ ᠬᠠᠷᠠᠭᠳᠠᠨ᠎ᠠ᠃ ᠪᠢ ᠲᠦᠷᠦᠭᠰᠡᠨ ᠨᠤᠲᠤᠭ ᠤᠨ ᠢᠶᠠᠨ ᠬᠤᠪᠢᠷᠠᠯ ᠬᠥᠭᠵᠢᠯ ᠳᠤ ᠰᠡᠳᠬᠢᠯ ᠭᠦᠪᠰᠦᠨ᠂ | ᠰᠣᠯᠣᠭᠠᠢ ᠬᠤᠭᠤᠯᠠᠢ ᠲᠠᠢ ᠪᠠᠨ ᠮᠠᠷᠲᠠᠵᠤ ᠨᠤᠲᠤᠭ ᠤᠨ ᠲᠤᠬᠠᠢ ᠮᠠᠭᠲᠠᠭᠠᠯ ᠳᠠᠭᠤᠤ ᠭᠢᠩᠰᠢᠵᠦ᠂ ᠴᠢᠷᠠᠢ ᠳᠠᠭᠠᠨ | ᠪᠠᠶᠠᠷ ᠤᠨ ᠢᠨᠢᠶᠡᠳᠦ ᠲᠣᠳᠣᠷᠠᠭᠤᠯᠤᠨ᠂ ᠰᠠᠭᠤᠳᠠᠯ ᠳᠡᠭᠡᠷ᠎ᠡ ᠪᠠᠨ ᠪᠠᠶᠢᠨ ᠪᠠᠶᠢᠨ ᠥᠨᠳᠡᠯᠵᠡᠨ ᠠᠯᠤᠰ ᠢ ᠬᠠᠯᠢᠶᠠᠵᠤ᠂ | ︽ᠥᠩᠭᠡᠷᠡᠭᠰᠡᠨ ᠢ ᠪᠤᠳᠣᠪᠠᠯ ᠡ᠊ᠨᠳᠡ ᠦᠨᠡᠬᠡᠷ ᠶᠡᠭᠡ ᠬᠤᠪᠢᠷᠠᠯᠲᠠ ᠭᠠᠷᠴᠠᠢ︾ ᠭᠡᠵᠦ ᠪᠤᠳᠣᠵᠤ ᠶᠠᠪᠤᠯ᠎ᠠ᠃ | ᠠᠯᠤᠰ ᠤᠨ ᠠᠯᠤᠰ ᠲᠠᠬᠢ ᠪᠣᠷᠣᠭᠠᠲᠤ ᠶᠢᠨ ᠠᠭᠤᠯᠠ ᠥᠷᠯᠥᠭᠡ ᠶᠢᠨ ᠣᠷᠭᠤᠬᠤ ᠨᠠᠷᠠᠨ ᠤ | ᠲᠤᠶᠠᠭᠠᠨ ᠳᠤ ᠪᠣᠰᠣᠭᠰᠠᠨ ᠬᠠᠪᠤᠷ ᠤᠨ ᠵᠡᠷᠭᠡᠯᠭᠡᠨ ᠤ ᠴᠡᠩᠬᠡᠷ ᠮᠠᠨᠠᠨ ᠳᠤᠮᠳᠠ ᠪᠥᠷᠲᠥᠯᠵᠡᠨ ᠬᠠᠷᠠᠭᠳᠠᠨ᠎ᠠ᠃ | ᠪᠣᠷᠣᠭᠠᠲᠤ ᠭᠡᠵᠦ ᠭᠤᠷᠪᠠᠨ ᠪᠡᠶ᠎ᠡ ᠪᠠᠷ ᠢᠶᠠᠨ ᠠᠭᠤᠯᠠ ᠬᠠᠶᠢᠷᠬᠠᠨ ᠳᠤ ᠪᠦᠰᠡᠯᠡᠭᠳᠡᠵᠦ᠂ ᠵᠡᠭᠦᠨ ᠡᠮᠦᠨ᠎ᠡ | ᠪᠡᠶ᠎ᠡ ᠪᠠᠷ ᠢᠶᠠᠨ ᠠᠭᠤᠳᠠᠮ ᠲᠡᠨᠢᠭᠡᠷ ᠡᠯᠡᠰᠦᠷᠬᠡᠭ ᠬᠥᠳᠡᠭᠡ ᠲᠠᠢ ᠵᠠᠯᠭᠠᠯᠳᠤᠭᠰᠠᠨ ᠬᠤᠳᠣᠭᠤᠷᠴᠢᠷ ᠭᠠᠵᠠᠷ ᠪᠠᠶᠢᠵᠤ᠂ | ᠡᠷᠭᠢᠨ ᠲᠣᠭᠤᠷᠢᠨ ᠤ ᠠᠭᠤᠯᠠ ᠬᠠᠶᠢᠷᠬᠠᠨ ᠢ ᠨᠢ ᠪᠣᠷᠣᠭᠠᠲᠤ ᠶᠢᠨ ᠠᠭᠤᠯᠠ ᠭᠡᠵᠦ᠂ ᠵᠡᠭᠦᠨ ᠡᠮᠦᠨ᠎ᠡ ᠪᠡᠶ᠎ᠡ ᠳᠠᠬᠢ | ᠠᠭᠤᠳᠠᠮ ᠲᠡᠨᠢᠭᠡᠷ ᠡᠯᠡᠰᠦᠷᠬᠡᠭ ᠬᠥᠳᠡᠭᠡ ᠶᠢ ᠨᠢ ᠪᠣᠷᠣᠭᠠᠲᠤ ᠶᠢᠨ ᠬᠥᠳᠡᠭᠡ ᠭᠡᠵᠦ᠂ ᠪᠣᠷᠣᠭᠠᠲᠤ ᠠᠴᠠ | ᠪᠣᠷᠣᠭᠠᠲᠤ ᠶᠢᠨ ᠠᠭᠤᠯᠠ ᠬᠦᠷᠬᠦ ᠬᠠᠪᠴᠢᠭ ᠢ ᠪᠣᠷᠣᠭᠠᠲᠤ ᠶᠢᠨ ᠬᠠᠪᠴᠢᠭ ᠭᠡᠳᠡᠭ᠃ ᠲᠡᠦᠬᠡ ᠰᠤᠳᠤᠷ ᠤᠨ | ᠲᠡᠮᠳᠡᠭᠯᠡᠯ ᠠᠴᠠ ᠦᠵᠡᠪᠡᠯ᠂ ᠪᠣᠷᠣᠭᠠᠲᠤ ᠭᠡᠳᠡᠭ ᠨᠡᠷ᠎ᠡ ᠨᠢ ︽ᠬᠤᠷ᠎ᠠ ᠪᠣᠷᠤᠭ᠎ᠠ ᠶᠡᠬᠡᠲᠡᠢ︾ ᠭᠡᠳᠡᠭ ᠤᠳᠬ᠎ᠠ ᠲᠠᠢ | ᠨᠡᠷ᠎ᠡ ᠭᠡᠨ᠎ᠡ᠃ ᠤᠳᠤ ᠠᠴᠠ ᠵᠠᠭᠤ ᠲᠠᠪᠢᠭᠠᠳ ᠵᠢᠯ ᠤᠨ ᠡᠮᠦᠨ᠎ᠡ ︽ᠲᠠᠤᠯᠠᠢ ᠵᠢᠯ ᠤᠨ ᠦᠶᠡᠷ︾ ᠭᠡᠵᠦ ᠡᠨᠡ | ᠨᠤᠲᠤᠭ ᠲᠤ ᠰᠦᠷᠡᠬᠡᠢ ᠨᠢᠭᠡ ᠦᠶᠡᠷ ᠪᠣᠯᠤᠭᠰᠠᠨ ᠭᠡᠨ᠎ᠡ᠃ ᠲᠡᠷᠡ ᠵᠢᠯ ᠤᠨ ᠵᠤᠨ ᠪᠣᠷᠣᠭᠠᠲᠤ ᠶᠢᠨ ᠠᠭᠤᠯᠠ ᠳᠤ | ᠰᠠᠷ᠎ᠠ ᠭᠠᠷᠤᠢ ᠬᠤᠷ᠎ᠠ ᠪᠣᠷᠤᠭ᠎ᠠ ᠣᠷᠣᠵᠤ᠂ ᠣᠯᠠᠨ ᠠᠭᠤᠯᠠ ᠳᠠᠪᠠᠭᠠᠨ ᠠᠴᠠ ᠨᠤᠷᠠᠭ ᠨᠡᠭᠦᠵᠦ᠂ ᠤᠷᠭᠤᠭ᠎ᠠ ᠮᠣᠳᠣ | ᠦᠨᠳᠦᠰᠦ ᠪᠠᠷ ᠢᠶᠠᠨ ᠪᠤᠯᠭᠤᠷᠠᠨ ᠭᠤᠣᠯ ᠤᠨ ᠦᠶᠡᠷ ᠲᠤ ᠤᠷᠤᠰᠴᠤ᠂ ᠪᠣᠷᠣᠭᠠᠲᠤ ᠶᠢᠨ ᠬᠠᠪᠴᠢᠭ ᠤᠨ ᠲᠡᠮᠡᠭᠡ | ᠰᠢᠷᠭᠤᠬᠤ ᠶᠢᠨ ᠠᠷᠭ᠎ᠠ ᠦᠭᠡᠢ ᠪᠢᠲᠡᠭᠦᠦ ᠣᠢ ᠮᠣᠳᠣ ᠦᠶᠡᠷ ᠲᠤ ᠬᠠᠮᠤᠷᠤᠭᠳᠠᠵᠤ᠂ ᠪᠣᠷᠣᠭᠠᠲᠤ ᠶᠢᠨ ᠬᠠᠪᠴᠢᠭ | ᠵᠠᠳᠠᠭᠠᠶᠢᠷᠠᠨ ᠵᠠᠮ ᠭᠠᠷᠤᠭᠰᠠᠨ ᠭᠡᠳᠡᠭ᠃ ᠰᠢᠳᠠᠷ ᠭᠦᠷᠳᠡᠯ᠎ᠡ ᠪᠣᠷᠣᠭᠠᠲᠤ ᠶᠢᠨ ᠬᠥᠳᠡᠭᠡ ᠳᠤ ᠪᠣᠷᠣᠭᠠᠲᠤ ᠶᠢᠨ | ᠠᠭᠤᠯᠠ ᠶᠢᠨ ᠦᠶᠡᠷ ᠲᠤ ᠦᠨᠳᠦᠰᠦ ᠪᠠᠷ ᠢᠶᠠᠨ ᠪᠤᠯᠭᠤᠷᠠᠨ ᠤᠷᠤᠰᠴᠤ ᠢᠷᠡᠭᠰᠡᠨ ᠬᠠᠷᠭᠠᠢ ︵ᠨᠠᠷᠠᠰᠤ | ᠂ ᠵᠥᠭᠦᠨ ︵ᠬᠠᠶᠢᠯᠠᠰᠤ︶ ᠪᠠᠶᠢᠭᠰᠠᠨ ᠢ ᠪᠣᠷᠣᠭᠠᠲᠤ ᠶᠢᠨ ᠮᠠᠯᠴᠢᠳ ᠠᠪᠴᠤ ᠲᠦᠯᠡᠰᠢ ᠬᠢᠵᠦ | ᠪᠠᠶᠢᠭᠰᠠᠨ ᠪᠢᠯᠡ ᠭᠡᠵᠦ ᠨᠠᠮᠠᠶᠢ ᠪᠠᠭ᠎ᠠ ᠳᠤ ᠪᠣᠷᠣᠭᠠᠲᠤ ᠶᠢᠨ ᠨᠠᠰᠤᠲᠠᠶᠢᠴᠤᠤᠯ ᠬᠠᠭᠤᠴᠢᠯᠠᠳᠠᠭ ᠪᠠᠶᠢᠭᠰᠠᠨ ᠶᠤᠮ᠃ | | ᠪᠢ ᠪᠣᠷᠣᠭᠠᠲᠤ ᠶᠢᠨ ᠴᠢᠭᠤᠯᠭᠠᠨ ︵ᠪᠣᠷᠣᠭᠠᠲᠤ ᠲᠣᠰᠬᠤᠨ︶ ᠳᠤ ᠬᠦᠷᠬᠦ ᠳᠤ ᠵᠣᠵᠠᠢ ᠭᠡᠷ ᠤᠨ | ᠬᠥᠮᠥᠨ ᠱᠢᠷᠦ ᠲᠠᠢ ᠪᠠᠨ ᠫᠢᠺᠡ ᠮᠠᠰᠢᠨ ᠢᠶᠠᠷ ᠢᠷᠡᠵᠤ ᠪᠢᠳᠡᠨ ᠢ ᠲᠤᠰᠴᠣ ᠠᠪᠤᠯ᠎ᠠ᠃ ᠪᠢᠳᠠᠨ ᠬᠠᠮᠲᠤ ᠪᠠᠷ | ᠪᠣᠷᠣᠭᠠᠲᠤ ᠶᠢᠨ ᠴᠢᠭᠤᠯᠭᠠᠨ ᠠᠴᠠ ᠠᠷᠪᠠᠨ ᠺᠢᠯᠣᠮᠧᠲᠷ ᠵᠡᠭᠦᠨᠲᠡᠢ ᠪᠠᠶᠢᠬᠤ ᠵᠣᠵᠠᠢ ᠶᠢᠨ ᠬᠠᠪᠤᠷᠵᠢᠩ ᠤᠳᠠᠨ ᠳᠤ | ᠬᠦᠷᠬᠦ ᠳᠤ᠂ ᠡ᠊ᠨᠳᠡᠭᠢ ᠶᠢᠨ ᠡᠪᠡᠰᠦ ᠤᠷᠭᠤᠮᠠᠯ ᠬᠥᠬᠡᠷᠡᠭᠡᠳ ᠦᠭᠡᠢ ᠪᠠᠶᠢᠲᠠᠯ᠎ᠠ᠂ ᠬᠤᠱᠣᠳ ᠰᠢᠶᠠᠨ ᠤ ᠣᠢ ᠰᠢᠭᠤᠢ | ᠨᠤᠲᠤᠭ ᠪᠡᠯᠴᠢᠭᠡᠷ ᠤᠨ ᠲᠣᠪᠴᠢᠶ᠎ᠠ ᠠᠴᠠ 2021 ᠣᠨ ᠤ 9 ᠰᠠᠷ᠎ᠠ ᠳᠤ ︽ᠤᠯᠤᠰ ᠤᠨ ᠭᠤᠷᠪᠠᠳᠤᠭᠠᠷ | ᠵᠡᠷᠭᠡ ᠶᠢᠨ ᠡᠷᠲᠡᠨ ᠤ ᠮᠣᠳᠣ᠂ ᠳ᠋ᠤᠭᠠᠷᠯᠠᠯ ᠨᠢ 652828-0047᠃ ᠤᠳᠠ ᠤᠯᠢᠶᠠᠰᠤ ᠶᠢᠨ ᠢᠵᠠᠭᠤᠷ᠂ | 380 ᠨᠠᠰᠤᠲᠠᠢ᠂ ᠤᠯᠢᠶᠠᠰᠤ ᠳᠤ ᠬᠠᠷᠢᠶᠠᠳᠠᠨᠠ︾ ᠬᠡᠮᠡᠨ ᠲᠣᠳᠣᠯᠠᠨ ᠲᠣᠭᠲᠠᠭᠠᠵᠤ᠂ ᠬᠠᠯᠠᠭ᠎ᠠ ᠬᠠᠪᠲᠠᠰᠤ | ︵ᠨᠢᠮᠭᠡᠨ ᠲᠡᠮᠦᠷ ᠬᠠᠪᠲᠠᠰᠤ︶ ᠳᠤ ᠬᠢᠲᠠᠳ᠂ ᠠᠩᠭ᠍ᠯᠢ ᠦᠰᠦᠭ ᠢᠶᠠᠷ ᠪᠢᠴᠢᠵᠦ ᠬᠠᠲᠠᠭᠰᠠᠨ ᠦᠨᠳᠦᠰᠦ ᠰᠠᠭᠤᠷᠢ | ᠨᠢ ᠵᠠᠭᠤᠨ ᠥᠩᠭᠡᠷᠡᠦ ᠬᠠᠪᠲᠠᠭᠠᠢ ᠳᠥᠷᠪᠡᠯᠵᠢᠨ ᠮᠧᠲᠷ ᠲᠠᠯᠠᠪᠠᠢ ᠶᠢ ᠡᠵᠡᠯᠡᠭᠰᠡᠨ ᠨᠢᠭᠡ ᠬᠥᠭᠰᠢᠨ ᠤᠳᠠᠨ ᠮᠣᠳᠣᠨ | ᠬᠠᠷᠢᠨ ᠰᠠᠭᠰᠠᠶᠢᠨ ᠬᠥᠬᠡᠷᠡᠵᠦ ᠠᠮᠢᠯᠠᠯ ᠤᠨ ᠥᠩᠭᠡ ᠪᠠᠷ ᠪᠢᠯᠬᠠᠵᠤ ᠬᠠᠷᠠᠭᠳᠠᠨ᠎ᠠ᠃ ᠤᠳᠠᠨ ᠮᠣᠳᠣᠨ ᠤ ᠳᠡᠭᠡᠳᠦ | ᠲᠠᠯ᠎ᠠ ᠶᠢᠨ ᠨᠢᠭᠡᠨ ᠪᠤᠯᠠᠭ ᠠᠴᠠ ᠴᠡᠭᠡᠨ ᠲᠤᠩᠭᠠᠯᠠᠭ ᠤᠰᠤ ᠭᠤᠷᠴᠢᠭᠢᠨᠠᠨ ᠤᠷᠤᠰᠴᠤ᠂ ᠪᠤᠯᠠᠭ ᠤᠨ ᠡᠬᠢᠨ ᠤ | ᠲᠣᠪᠤᠩ ᠳᠡᠭᠡᠷ᠎ᠡ ᠬᠡᠶᠢᠮᠣᠷᠢ᠂ ᠳᠠᠷᠴᠤᠭ᠂ ᠵᠠᠯᠮ᠎ᠠ ᠤᠶᠠᠵᠤ ᠬᠡᠶᠢᠰᠬᠡᠭᠰᠡᠨ ᠨᠢᠭᠡ ᠵᠢᠵᠢᠭ ᠳᠠᠬᠢᠯᠭᠠᠨ ᠬᠠᠷᠠᠭᠳᠠᠵᠤ᠂ | ᠲᠣᠰ ᠠᠶᠢᠯ ᠤᠨᠠᠭᠰᠠᠨ ᠰᠢᠷᠣᠢ ᠤᠤᠭᠤᠭᠰᠠᠨ ᠤᠰᠤ ᠪᠠᠨ ᠥᠪᠡᠷ ᠤᠨ ᠠᠮᠢᠨ ᠲᠠᠢ ᠪᠠᠨ ᠠᠳᠠᠯᠢᠬᠠᠨ ᠳᠡᠭᠡᠳᠦᠯᠡᠨ | ᠲᠠᠭᠢᠳᠠᠭ ᠰᠦᠵᠢᠭ ᠪᠢᠰᠢᠷᠡᠯ ᠲᠠᠢ ᠠᠶᠢᠯ ᠪᠠᠶᠢᠨ᠎ᠠ ᠭᠡᠳᠡᠭ ᠢ ᠭᠡᠷᠡᠴᠢᠯᠡᠨ᠎ᠡ᠃ ᠲᠡᠮᠡᠭᠡ ᠶᠢᠨ ᠬᠤᠲᠠᠨ ᠳᠤ ᠭᠤᠴᠢᠭᠠᠳ | ᠪᠣᠲᠣᠭᠤ ᠤᠶᠠᠭᠠᠨ ᠳᠠᠭᠠᠨ ᠪᠠᠶᠢᠵᠤ᠂ ᠵᠤᠵᠠᠢ ᠶᠢᠨ ︽ᠡᠨᠡ ᠵᠢᠯ ᠲᠦᠷᠦᠭᠦ ᠢᠩᠭᠡ ᠣᠳᠣ ᠲᠦᠷᠦᠭᠡᠳ ᠬᠠᠭᠠᠰᠯᠠᠪᠠ︾ | ᠭᠡᠬᠦ ᠶᠠᠷᠢᠶᠠᠨ ᠠᠴᠠ ᠨᠢ ᠦᠵᠡᠬᠦ ᠳᠤ ᠡᠨᠡ ᠵᠢᠯ ᠵᠢᠷᠠᠭᠠᠳ ᠢᠩᠭᠡ ᠲᠦᠷᠦᠭᠦ ᠪᠠᠶᠢᠵᠤ᠂ ᠲᠥᠰᠥᠭᠡᠯᠡᠨ ᠪᠤᠳᠣᠪᠠᠯ | ᠵᠠᠭᠤ ᠬᠤᠷᠢ ᠭᠤᠴᠢᠨ ᠲᠦᠷᠦᠭᠦ ᠢᠩᠭᠡ ᠲᠠᠢ ᠠᠶᠢᠯ ᠶᠤᠮ ᠪᠠᠶᠢᠨ᠎ᠠ᠃ | ᠪᠢᠳᠡᠨ ᠵᠣᠵᠠᠢ ᠶᠢᠨ ᠲᠣᠭᠤᠰᠭ᠋᠎ᠠ ᠪᠦᠲᠦᠴᠡ ᠲᠠᠢ ᠬᠤᠶᠠᠷ ᠲᠠᠰᠤᠯᠭ᠎ᠠ ᠭᠡᠷ ᠲᠤ ᠣᠷᠣᠬᠤ ᠳᠤ | ᠪᠠᠭ᠎ᠠ ᠶᠢᠨ ᠦᠶ᠎ᠡ ᠳᠡᠭᠡᠨ ᠢᠳᠡᠵᠦ ᠤᠤᠭᠤᠵᠤ ᠵᠠᠩᠰᠢᠭᠰᠠᠨ ᠬᠤᠨᠢᠨ ᠤ ᠪᠤᠷᠴᠡ ᠶᠢᠨ ᠠᠩᠬᠢᠯᠤᠮ᠎ᠠ ᠦᠨᠦᠷ ᠬᠠᠮᠠᠷ | ᠤᠷᠤᠭᠤ ᠴᠣᠷᠭᠢᠵᠤ ᠰᠢᠯᠦᠰᠦ ᠭᠤᠭᠤᠵᠢᠭᠤᠯᠤᠨ᠎ᠠ᠃ ᠴᠠᠢ ᠶᠢᠨ ᠳᠠᠷᠠᠭ᠎ᠠ ᠲᠠᠪᠠᠭ ᠲᠠᠢ ᠰᠢᠭᠦᠰᠦ ᠰᠢᠷᠡᠭᠡ ᠳᠡᠭᠡᠷ᠎ᠡ | ᠤᠷᠢᠭᠳᠠᠵᠤ᠂ ᠳᠠᠭᠠᠯᠳᠤᠭᠤᠯᠤᠨ ︽ᠢᠳᠡᠭᠡ ᠴᠡᠭᠡ ᠶᠢᠨ ᠳᠡᠭᠡᠵᠢ︾ ᠭᠡᠵᠦ ᠬᠤᠶᠠᠷ ᠯᠣᠩᠬᠤ ᠠᠷᠢᠬᠢ ᠭᠠᠷᠭᠠᠯ᠎ᠠ᠃ | ᠪᠢ ᠬᠠᠨᠢᠶᠠᠯᠭᠠᠭᠠᠳ ᠬᠤᠶᠠᠷ ᠰᠠᠷ᠎ᠠ ᠭᠠᠷᠤᠢ ᠠᠷᠢᠬᠢ ᠤᠤᠭᠤᠭᠰᠠᠨ ᠦᠭᠡᠢ ᠪᠤᠯᠪᠠᠴᠣ ᠡᠨᠡ ᠣᠷᠣᠢ ᠨᠤᠲᠤᠭ ᠤᠨ | ᠳᠡᠭᠦᠦ ᠶᠢᠨ ᠨᠤᠲᠤᠭ ᠤᠨ ᠰᠡᠳᠬᠢᠯ ᠰᠢᠩᠭᠡᠭᠰᠡᠨ ᠠᠷᠢᠬᠢ ᠬᠠᠷᠢᠨ ᠬᠠᠯᠠᠭᠤ ᠣᠷᠭᠢᠨ ᠬᠤᠷᠭᠤ ᠰᠢᠭ᠋ ᠬᠤᠳᠣᠭᠤᠳᠤ | ᠭᠡᠳᠡᠰᠦ ᠳᠤ ᠭᠤᠯᠭᠤᠨ ᠣᠷᠣᠵᠤ ᠪᠠᠶᠢᠯ᠎ᠠ᠃ | ᠪᠢᠳᠡᠨ ᠨᠢᠭᠡ ᠲᠠᠯ᠎ᠠ ᠪᠠᠷ ᠠᠷᠢᠬᠢ ᠪᠠᠨ ᠪᠠᠯᠭᠤᠵᠤ ᠨᠢᠭᠡ ᠲᠠᠯ᠎ᠠ ᠪᠠᠷ ᠵᠣᠭᠤᠭ ᠳᠡᠯᠭᠡᠵᠦ ᠰᠠᠭᠤᠲᠠᠯ᠎ᠠ | ᠵᠤᠵᠠᠢ ᠮᠠᠨᠢ ᠭᠡᠷ ᠤᠨ ᠬᠥᠮᠥᠨ ᠱᠢᠷᠦ ᠳᠡᠭᠡᠨ᠄ | - ᠠᠯᠠᠱᠠ ᠶᠢᠨ ᠠᠶᠠᠰ ᠤᠯᠠᠭᠠᠨ ᠢᠩᠭᠡ ᠥᠨᠥ ᠮᠠᠩᠭᠠᠳᠣᠷ ᠲᠦᠷᠦᠮᠡᠷ ᠪᠠᠶᠢᠨ᠎ᠠ ᠭᠡᠬᠦ ᠶᠢ | ᠰᠣᠨᠣᠰᠤᠭᠠᠳ ᠪᠢ ᠤᠬᠤᠴᠢᠯᠠᠨ᠄ | - ᠲᠠᠨᠠᠶᠢᠬᠢᠨ ᠠᠯᠠᠱᠠ ᠠᠴᠠ ᠪᠠᠰᠠ ᠲᠡᠮᠡᠭᠡ ᠣᠷᠣᠭᠤᠯᠤᠭᠰᠠᠨ ᠶᠤᠮ ᠤᠤ︖ ᠭᠡᠬᠦ ᠳᠤ ᠵᠣᠵᠠᠢ᠄ | - ᠲᠡᠶᠢᠮᠤ᠃ ᠮᠠᠨᠠᠶᠢᠬᠢᠨ 2009 ᠣᠨ ᠳᠤ ᠥᠪᠥᠷ ᠮᠣᠩᠭᠤᠯ ᠤᠨ ᠠᠯᠠᠱᠠ ᠠᠶᠢᠮᠠᠭ ᠠᠴᠠ ᠬᠤᠷᠢᠨ | ᠨᠠᠢᠮᠠᠨ ᠢᠩᠭᠡ᠂ ᠬᠤᠶᠠᠷ ᠪᠤᠤᠷ᠎ᠠ ᠣᠷᠣᠭᠤᠯᠤᠯ᠎ᠠ᠃ ᠠᠯᠠᠱᠠ ᠲᠡᠮᠡᠭᠡ ᠮᠠᠨ ᠤ ᠡ᠊ᠨᠳᠡᠭᠢ ᠶᠢᠨ ᠬᠤᠱᠣᠳ ᠤᠨ | ᠲᠡᠮᠡᠭᠡ ᠲᠠᠢ ᠠᠳᠠᠯᠢᠬᠠᠨ ᠪᠡᠶ᠎ᠡ ᠭᠠᠳᠠᠷ ᠶᠡᠬᠡᠲᠡᠢ᠂ ᠴᠢᠳᠠᠯ ᠲᠡᠩᠬᠡᠭᠡ ᠰᠠᠶᠢᠨ ᠢᠶᠠᠷ ᠢᠶᠠᠨ ᠡᠯᠡᠰᠦᠨ ᠪᠠᠯᠠᠷ ᠭᠠᠵᠠᠷ᠂ | ᠬᠠᠭᠰᠠᠭᠤ ᠬᠠᠭᠤᠷᠠᠢ ᠭᠠᠵᠠᠷ ᠲᠤ ᠮᠠᠯᠵᠢᠬᠤ ᠪᠠ ᠬᠡᠷᠡᠭᠯᠡᠬᠦ ᠳᠤ ᠵᠣᠬᠢᠮᠵᠢᠲᠠᠢ᠂ ᠥᠩᠭᠡ ᠵᠢᠰᠦᠮ ᠨᠢ ᠰᠢᠷ᠎ᠠ᠂ ᠬᠦᠷᠡᠩ | ᠂ ᠪᠣᠷᠣ ᠭᠤᠣᠯᠳᠠᠭᠤ᠂ ᠵᠣᠭᠳᠣᠷ ᠤᠨ ᠰᠣᠷ ᠬᠢᠯᠭᠠᠰᠤ ᠨᠢ ᠨᠠᠷᠢᠯᠢᠭ ᠣᠷᠳᠣ᠂ ᠨᠣᠣᠯᠣᠭᠤᠷ ᠨᠢ ᠨᠢᠭᠲᠠ ᠵᠥᠭᠡᠯᠡᠨ᠂ | ᠤᠶᠠᠨ ᠬᠠᠷᠢᠮᠠᠬᠠᠢ ᠪᠥᠭᠡᠳ ᠪᠠᠲᠤ᠂ ᠭᠠᠷᠤᠯᠲᠠ ᠶᠢᠨ ᠬᠡᠮᠵᠢᠶ᠎ᠡ ᠳᠡᠭᠡᠷ᠎ᠡ ᠪᠠᠶᠢᠳᠠᠭ᠃ ᠳᠤᠮᠳᠠ ᠠᠴᠠ ᠳᠡᠭᠡᠭᠰᠢ ᠲᠠᠷᠭᠤ | ᠬᠦᠴᠦ ᠲᠠᠢ ᠲᠡᠮᠡᠭᠡᠨ ᠠᠴᠠ ᠬᠠᠮᠤᠭ ᠠᠷᠪᠢᠨ ᠳᠠᠭᠠᠨ 960 ᠵᠢᠩ ᠴᠣᠯ ᠮᠢᠬ᠎ᠠ᠂ 165 ᠵᠢᠩ ᠥᠭᠡᠬᠦ ᠭᠠᠷᠴᠤ᠂ | ᠬᠠᠮᠤᠭ ᠪᠠᠭ᠎ᠠ ᠳᠠᠭᠠᠨ 276 ᠵᠢᠩ ᠴᠣᠯ ᠮᠢᠬ᠎ᠠ᠂ 38 ᠵᠢᠩ ᠥᠭᠡᠬᠦ ᠭᠠᠷᠳᠠᠭ ᠁ ᠭᠡᠵᠦ ᠲᠠᠨᠢᠯᠴᠠᠭᠤᠯᠤᠯ᠎ᠠ᠃ | ᠯᠣᠩᠬᠤ ᠳᠠᠬᠢ ᠠᠭᠠᠭ ᠤᠨ ᠬᠦᠦ ᠳᠣᠷᠣᠭᠰᠢᠯᠠᠬᠤ ᠶᠢ ᠳᠠᠭᠠᠯᠳᠤᠨ᠂ ᠠᠪᠤ ᠶᠢᠨ ᠬᠦᠦ ᠶᠢᠨ ᠦᠭᠡ ᠣᠯᠠᠰᠢᠷᠠᠨ ᠲᠠᠭᠤ | ᠳᠡᠭᠡᠭᠰᠢᠯᠡᠨ᠎ᠡ᠃ ᠵᠤᠵᠠᠢ᠄ | - ᠲᠡᠮᠡᠭᠡ ᠭᠡᠳᠡᠭ ᠶᠡᠭᠡ ᠪᠤᠶᠠᠨ ᠲᠠᠢ ᠠᠮᠢᠳᠠᠨ᠂ ᠲᠡᠮᠡᠭᠡ ᠭᠠᠭᠴᠠ ᠪᠡᠶ᠎ᠡ ᠳᠡᠭᠡᠨ ᠠᠷᠪᠠᠨ ᠬᠤᠶᠠᠷ | ᠵᠢᠯ ᠤᠨ ᠰᠢᠨᠵᠢ ᠶᠢ ᠪᠦᠷᠢᠯᠳᠦᠭᠦᠯᠦᠭᠰᠡᠨ ᠠᠮᠢᠳᠠᠨ ᠭᠡᠵᠦ ᠤᠷᠮ᠎ᠠ ᠪᠠᠭ᠋ᠠᠲᠠᠢ ᠪᠤᠷᠠᠬᠤ ᠳᠤ ᠪᠢ ᠠᠯᠠᠩᠳᠤᠷᠠᠨ᠄ | - ᠶᠠᠮᠠᠷ ᠤᠴᠢᠷ ᠪᠣᠯᠴᠢᠬᠠᠪᠠ︖ ᠲᠡᠮᠡᠭᠡᠨ ᠭᠠᠭᠴᠠ ᠪᠡᠶ᠎ᠡ ᠳᠡᠭᠡᠨ ᠠᠷᠪᠠᠨ ᠬᠤᠶᠠᠷ ᠵᠢᠯ ᠤᠨ | ᠰᠢᠨᠵᠢ ᠶᠢ ᠪᠦᠷᠢᠯᠳᠦᠭᠦᠯᠦᠭᠰᠡᠨ ᠠᠮᠢᠳᠠᠨ ᠭᠡᠨ᠎ᠡ ᠤᠤ︖ ᠬᠡᠯᠡᠭᠡᠳ ᠥᠭᠭᠦᠨ᠎ᠡ ᠤᠤ︖ ᠭᠡᠬᠦ ᠳᠤ ᠵᠣᠵᠠᠢ ᠡᠮᠦᠨᠡᠬᠢ | ᠬᠤᠨᠳᠠᠭ᠎ᠠ ᠲᠠᠢ ᠠᠷᠢᠬᠢ ᠪᠠᠨ ᠪᠢᠳᠡᠨ ᠳᠤ ᠪᠠᠷᠢᠭᠰᠠᠨ ᠢᠶᠠᠨ᠄ | - ᠡᠷᠲᠡ ᠤᠷᠢᠳᠤ ᠴᠠᠭ ᠲᠤ ᠠᠮᠢᠳᠠᠨ ᠤ ᠵᠠᠶᠠᠭᠠᠴᠢ ᠠᠷᠪᠠᠨ ᠬᠤᠶᠠᠷ ᠵᠢᠯ ᠳᠤ ᠠᠳᠤᠭᠤᠰᠤᠨ | ᠠᠮᠢᠳᠠᠨ ᠢ ᠣᠷᠣᠭᠤᠯᠬᠤ ᠪᠤᠯᠬᠤ ᠳᠠᠭᠠᠨ ᠲᠡᠮᠡᠭᠡ ᠬᠤᠯᠤᠭᠠᠨ᠎ᠠ ᠬᠤᠶᠠᠷ ᠤᠨ ᠨᠢᠭᠡ ᠶᠢ ᠰᠣᠩᠭᠤᠬᠤ ᠪᠠᠷ | ᠲᠣᠭᠲᠠᠬᠤ ᠳᠤ ᠲᠡᠮᠡᠭᠡ᠄ | -ᠲᠡᠭᠷᠢ ᠶᠢᠨ ᠴᠢᠨᠡᠭᠡᠨ ᠪᠡᠶ᠎ᠡ ᠲᠠᠢ ᠪᠢ ᠪᠠᠶᠢᠵᠤ ᠪᠠᠶᠢᠲᠠᠯ᠎ᠠ ᠳᠡᠪᠡᠨᠡ ᠶᠢᠨ ᠴᠢᠨᠡᠭᠡᠨ ᠪᠡᠶ᠎ᠡ ᠲᠠᠢ | ᠬᠤᠯᠤᠭᠠᠨ᠎ᠠ ᠶᠠᠭᠤ ᠪᠤᠢ︖ ᠭᠡᠬᠦ ᠳᠤ ᠬᠤᠯᠤᠭᠠᠨ᠎ᠠ᠄ | -ᠪᠢ ᠳᠠᠪᠠᠨ᠎ᠠ ᠶᠢᠨ ᠴᠢᠨᠡᠭᠡᠨ ᠪᠡᠶ᠎ᠡ ᠲᠠᠢ ᠴᠣ᠋ ᠲᠡᠭᠷᠢ ᠶᠢᠨ ᠴᠢᠨᠡᠭᠡᠨ ᠪᠡᠶ᠎ᠡ ᠲᠠᠢ ᠲᠡᠮᠡᠭᠡᠨ ᠳᠡᠭᠡᠷ᠎ᠡ | ᠭᠠᠷᠴᠤ ᠴᠢᠳᠠᠨ᠎ᠠ︕ ᠭᠡᠳ ᠲᠡᠮᠡᠭᠡᠨ ᠤ ᠪᠦᠭᠦᠨ ᠳᠡᠭᠡᠷ᠎ᠡ ᠭᠠᠷᠴᠤ ᠰᠠᠭᠤᠵᠤ ᠭᠡᠨ᠎ᠡ᠃ ᠠᠮᠢᠳᠠᠨ ᠤ ᠵᠠᠶᠠᠭᠠᠴᠢ | ᠲᠡᠮᠡᠭᠡ ᠬᠤᠯᠤᠭᠠᠨ᠎ᠠ ᠬᠤᠶᠠᠷ ᠤᠨ ᠵᠠᠷᠭᠤ ᠶᠢ ᠨᠢ ᠬᠢᠵᠦ ᠡᠰᠡ ᠴᠢᠳᠠᠬᠤ ᠳᠠᠭᠠᠨ᠄ | - ᠮᠠᠩᠭᠠᠳᠣᠷ ᠦᠷᠦᠭᠦᠨ ᠲᠠᠨ ᠤ ᠬᠤᠶᠠᠷ ᠤᠨ ᠬᠡᠨ ᠲᠦᠷᠦᠭᠦᠯᠵᠤ ᠨᠠᠷᠠ ᠦᠵᠡᠪᠡᠯ ᠬᠡᠨ ᠨᠢ | ᠠᠷᠪᠠᠨ ᠬᠤᠶᠠᠷ ᠵᠢᠯ ᠳᠤ ᠣᠷᠣᠲᠤᠭᠠᠢ︕ ᠭᠡᠬᠦ ᠳᠤ᠂ ᠲᠡᠮᠡᠭᠡ ᠪᠠᠶᠠᠷᠯᠠᠨ ᠬᠤᠯᠤᠭᠠᠨ᠎ᠠ ᠶᠢ ᠪᠠᠰᠤᠭᠠᠳ᠂ | ᠳᠡᠪᠡᠨᠠ ᠶᠢᠨ ᠴᠢᠨᠡᠭᠡᠨ ᠪᠡᠶ᠎ᠡ ᠲᠠᠢ ᠬᠤᠯᠤᠭᠠᠨ᠎ᠠ ᠶᠢᠨ ᠬᠠᠵᠠᠭᠤ ᠳᠤ ᠲᠡᠭᠷᠢ ᠶᠢᠨ ᠴᠢᠨᠡᠭᠡᠨ ᠪᠡᠶ᠎ᠡ ᠲᠠᠢ ᠪᠢ ᠥᠨᠳᠥᠷ | ᠪᠣᠯᠬᠤᠷ ᠶᠠᠭᠠᠬᠢᠪᠠᠴᠤ ᠪᠢ ᠲᠦᠷᠦᠭᠦᠯᠵᠤ ᠨᠠᠷᠠ ᠶᠢ ᠦᠵᠡᠨ᠎ᠡ ᠭᠡᠵᠦ ᠪᠤᠳᠣᠭᠠᠳ ᠡᠮᠦᠨ᠎ᠡ ᠵᠦᠭ ᠲᠤ ᠬᠠᠯᠢᠶᠠᠵᠣ | ᠬᠡᠪᠲᠡᠬᠦᠯᠡ᠂ ᠬᠤᠯᠤᠭᠠᠨ᠎ᠠ ᠬᠠᠷᠢᠨ ᠨᠢᠭᠡ ᠮᠡᠷᠭᠡᠨ ᠠᠷᠭ᠎ᠠ ᠪᠤᠳᠣᠵᠤ ᠲᠡᠮᠡᠭᠡᠨ ᠤ ᠪᠦᠭᠦᠨ ᠳᠡᠭᠡᠷ᠎ᠡ ᠭᠠᠷᠴᠤ ᠠᠷᠤ ᠶᠢᠨ | ᠠᠭᠤᠯᠠ ᠶᠢᠨ ᠣᠷᠣᠢ ᠶᠢ ᠬᠠᠯᠢᠶᠠᠭᠠᠳ ᠰᠠᠭᠤᠵᠤ ᠭᠡᠨ᠎ᠡ᠃ ᠦᠦᠷ ᠡᠮᠦᠨ᠎ᠡ ᠠᠴᠠ ᠪᠠᠨ ᠴᠠᠶᠢᠵᠤ ᠨᠠᠷᠠᠨ ᠭᠠᠷᠬᠤ ᠴᠠᠭ | ᠪᠣᠯᠣᠭᠠᠳ ᠨᠠᠷᠠᠨ ᠤ ᠭᠡᠷᠡᠯ ᠠᠷᠤ ᠠᠭᠤᠯᠠ ᠶᠢᠨ ᠣᠷᠣᠢ ᠳᠤ ᠳᠣᠰᠬᠤ ᠳᠤ ᠬᠤᠯᠤᠭᠠᠨ᠎ᠠ ᠲᠡᠮᠡᠭᠡᠨ ᠳᠤ᠄ | -ᠬᠥᠶ᠋ᠢ᠂ ᠪᠢ ᠨᠠᠷᠠ ᠶᠢ ᠦᠵᠡᠪᠡ᠃ ᠨᠠᠷᠨ ᠠᠷᠤ ᠠᠭᠤᠯᠠ ᠶᠢᠨ ᠣᠷᠣᠢ ᠠᠴᠠ ᠭᠠᠷᠴᠤ ᠪᠠᠶᠢᠨ᠎ᠠ | ᠭᠡᠬᠦ ᠳᠤ ᠲᠡᠮᠡᠭᠡ ᠰᠠᠨᠳᠤᠷᠤᠨ ᠡᠮᠦᠨ᠎ᠡ ᠵᠦᠭ ᠬᠠᠯᠢᠶᠠᠵᠤ ᠪᠠᠶᠢᠭᠰᠠᠨ ᠠᠴᠠ ᠪᠠᠨ ᠬᠤᠶᠢᠷᠠ ᠡᠷᠭᠢᠭᠡᠳ ᠠᠷᠤ | ᠠᠭᠤᠯᠠ ᠶᠢᠨ ᠣᠷᠣᠢ ᠳᠤ ᠳᠤᠰᠤᠭᠰᠠᠨ ᠨᠠᠷᠠᠨ ᠤ ᠤᠯᠠᠪᠤᠷ ᠲᠤᠶᠠᠭ᠎ᠠ ᠶᠢ ᠦᠵᠡᠭᠡᠳ᠂ ᠨᠠᠷᠨ ᠬᠠᠮᠢᠭ᠎ᠠ ᠠᠴᠠ ᠨᠢ | ᠭᠠᠷᠴᠤ ᠪᠠᠶᠢᠬᠤ ᠪᠣᠯᠪᠠ︖ ᠭᠡᠳ ᠬᠠᠯᠢᠶᠠᠵᠤ ᠪᠠᠶᠢᠲᠠᠯ᠎ᠠ ᠪᠦᠭᠦᠨ ᠳᠡᠭᠡᠷ᠎ᠡ ᠨᠢ ᠰᠠᠭᠤᠵᠤ ᠪᠠᠶᠢᠭᠰᠠᠨ ᠬᠤᠯᠤᠭᠠᠨ᠎ᠠ | ᠡᠮᠦᠨ᠎ᠡ ᠠᠴᠠ ᠭᠠᠷᠤᠭᠰᠠᠨ ᠨᠠᠷᠠ ᠶᠢ ᠲᠦᠷᠦᠭᠦᠯᠵᠤ ᠦᠵᠡᠭᠰᠡᠨ ᠭᠡᠨ᠎ᠡ᠃ ᠢᠩᠭᠢᠭᠡᠳ ᠲᠡᠮᠡᠭᠡ ᠱᠦᠭᠦᠭᠳᠡᠵᠦ ᠠᠷᠪᠠᠨ | ᠬᠤᠶᠠᠷ ᠵᠢᠯ ᠳᠤ ᠣᠷᠣᠵᠤ ᠴᠢᠳᠠᠯ ᠦᠭᠡᠢ ᠬᠤᠴᠣᠬᠰᠠᠨ ᠶᠤᠮ ᠭᠡᠨ᠎ᠡ᠃ ᠲᠡᠭᠡᠭᠡᠳ ᠲᠡᠮᠡᠭᠡ ᠠᠷᠪᠠᠨ ᠬᠤᠶᠠᠷ | ᠵᠢᠯ ᠳᠤ ᠣᠷᠣᠵᠤ ᠴᠢᠳᠠᠭᠰᠠᠨ ᠦᠭᠡᠢ ᠳᠡᠭᠡᠨ ᠶᠡᠭᠡᠯ᠎ᠡ ᠵᠣᠪᠠᠵᠠᠢ᠃ ᠵᠠᠶᠠᠭᠠᠴᠢ ᠲᠡᠮᠡᠭᠡᠨ ᠳᠤ ᠰᠠᠨᠠᠭ᠎ᠠ ᠵᠣᠪᠠᠭᠠᠳ᠄ | - ᠲᠡᠮᠡᠭᠡ ᠴᠢ ᠪᠢᠴᠡᠭᠡᠢ ᠮᠠᠭᠤ ᠰᠠᠨᠠ︕ ᠴᠢᠨᠦ ᠪᠡᠶ᠎ᠡ ᠳᠤ ᠠᠷᠪᠠᠨ ᠬᠤᠶᠠᠷ ᠵᠢᠯ ᠤᠨ ᠰᠢᠨᠵᠢ | ᠪᠦᠷᠢᠨ ᠪᠠᠶᠢᠨ᠎ᠠ︕ ᠭᠡᠬᠦᠯ᠎ᠡ ᠲᠡᠮᠡᠭᠡ᠄ | - ᠨᠠᠳᠠᠳᠤ ᠶᠠᠮᠠᠷ ᠠᠷᠪᠠᠨ ᠬᠤᠶᠠᠷ ᠵᠢᠯ ᠤᠨ ᠰᠢᠨᠵᠢ ᠪᠦᠷᠢᠨ ᠪᠠᠶᠢᠨ᠎ᠠ︖ ᠪᠢ ᠲᠡᠭᠷᠢ ᠶᠢᠨ ᠴᠢᠨᠡᠭᠡᠨ | ᠶᠡᠭᠡ ᠴᠣᠭᠴᠠ ᠲᠠᠢ ᠪᠠᠶᠢᠵᠤ ᠪᠠᠶᠢᠭᠠᠳ ᠲᠡᠪᠡᠨᠡ ᠶᠢᠨ ᠴᠢᠨᠡᠭᠡᠨ ᠬᠤᠯᠤᠭᠠᠨ᠎ᠠ ᠠᠴᠠ ᠳᠣᠣᠷᠠᠳᠠᠬᠤ ᠶᠠᠭᠤ ᠪᠠᠶᠢᠨ᠎ᠠ︖ | ᠭᠡᠬᠦᠯ᠎ᠡ ᠵᠠᠶᠠᠭᠠᠴᠢ᠄ | - ᠴᠢᠮ᠎ᠠ ᠳᠤ ᠪᠠᠶᠢᠬᠤ ᠠᠷᠪᠠᠨ ᠬᠤᠶᠠᠷ ᠵᠢᠯ ᠤᠨ ᠰᠢᠨᠵᠢ ᠶᠢ ᠬᠡᠯᠡᠪᠡᠰᠦ᠂ ᠠᠷᠪᠠᠢ ᠬᠦᠨᠡᠰᠦ | ᠬᠥᠮᠥᠷᠭᠡᠯᠡᠭᠴᠢ ᠬᠤᠯᠤᠭᠠᠨ᠎ᠠ ᠡᠷᠳᠡᠨᠢ ᠶᠢᠨ ᠴᠢᠬᠢ ᠲᠠᠢ᠂ ᠠᠵᠢᠯ ᠠᠮᠢᠳᠤᠷᠠᠯ ᠳᠤ ᠵᠢᠳᠬᠦᠭᠴᠢ ᠦᠬᠡᠷ ᠡᠷᠳᠡᠨᠢ ᠶᠢᠨ | ᠰᠡᠭᠡᠷ ᠲᠠᠢ᠂ ᠠᠷᠤ ᠠᠭᠤᠯᠠᠨ ᠳᠤ ᠲᠣᠭᠯᠠᠭᠴᠢ ᠪᠠᠷᠰ ᠡᠷᠳᠡᠨᠢ ᠶᠢᠨ ᠲᠠᠪᠠᠭ ᠲᠠᠢ᠂ ᠠᠷᠭ᠎ᠠ ᠤᠬᠠᠭᠠᠨ ᠰᠡᠳᠦᠭᠴᠢ | ᠲᠠᠤᠯᠠᠢ ᠡᠷᠳᠡᠨᠢ ᠶᠢᠨ ᠣᠷᠣᠭᠤᠯ ᠲᠠᠢ᠂ ᠠᠭᠠᠷ ᠲᠡᠭᠷᠢ ᠳᠤ ᠬᠦᠷᠬᠢᠷᠡᠭᠴᠢ ᠯᠣᠣ ᠡᠷᠳᠡᠨᠢ ᠶᠢᠨ ᠬᠦᠵᠦᠭᠦᠦ ᠲᠠᠢ᠂ | ᠠᠰᠬ᠎ᠠ ᠬᠠᠳᠠ ᠶᠢ ᠨᠡᠪᠲᠡᠯᠦᠭᠴᠢ ᠮᠣᠭᠠᠢ ᠶᠢᠨ ᠡᠷᠳᠡᠨᠢ ᠨᠢᠳᠦ ᠲᠠᠢ᠂ ᠠᠯᠤᠰ ᠬᠤᠯᠠ ᠶᠢ ᠣᠶᠢᠷᠠᠲᠤᠭᠤᠯᠤᠭᠴᠢ | ᠮᠣᠷᠢᠨ ᠡᠷᠳᠡᠨᠢ ᠶᠢᠨ ᠳᠡᠯ ᠲᠠᠢ᠂ ᠠᠮᠤᠷ ᠲᠦᠪᠰᠢᠨ ᠢ ᠵᠥᠩᠨᠡᠭᠴᠢ ᠬᠤᠨᠢ ᠡᠷᠳᠡᠨᠢ ᠶᠢᠨ ᠡᠪᠴᠢᠭᠦᠦ ᠲᠠᠢ᠂ ᠠᠭᠯᠠᠭ | ᠣᠢ ᠳᠤ ᠰᠦᠯᠵᠢᠭᠴᠢ ᠮᠡᠴᠢᠨ ᠡᠷᠳᠡᠨᠢ ᠶᠢᠨ ᠭᠤᠶ᠎ᠠ ᠲᠠᠢ᠂ ᠠᠯᠳᠠᠨ ᠨᠠᠷᠠᠨ ᠢ ᠤᠭᠲᠤᠭᠴᠢ ᠲᠠᠭᠢᠶ᠎ᠠ ᠶᠢᠨ | ᠡᠷᠳᠡᠨᠢ ᠶᠢᠨ ᠰᠠᠩᠮᠠᠢ ᠲᠠᠢ᠂ ᠠᠲᠠᠭᠠᠲᠠᠨ ᠳᠠᠶᠢᠰᠤᠨ ᠢ ᠰᠡᠷᠭᠡᠶᠢᠯᠡᠭᠴᠢ ᠨᠣᠬᠠᠢ ᠡᠷᠳᠡᠨᠢ ᠶᠢᠨ ᠪᠣᠷᠪᠢ ᠲᠠᠢ᠂ ᠠᠷᠰᠢ | ᠳᠡᠯᠡᠬᠡᠢ ᠶᠢ ᠰᠡᠨᠳᠡᠶᠢᠯᠡᠭᠴᠢ ᠭᠠᠭ᠋ᠠᠢ ᠡᠷᠳᠡᠨᠢ ᠶᠢᠨ ᠰᠠᠭᠦᠯ ᠲᠠᠢ᠂ ᠠᠷᠪᠠᠨ ᠬᠤᠶᠠᠷ ᠵᠢᠯ ᠢ ᠭᠠᠭᠴᠠ ᠪᠡᠶ᠎ᠡ ᠳᠡᠭᠡᠨ | ᠪᠦᠷᠢᠯᠳᠦᠭᠦᠯᠦᠭᠰᠡᠨ ᠠᠷᠤ ᠭᠤᠪᠢ ᠶᠢᠨ ᠭᠠᠶᠢᠬᠠᠮᠰᠢᠭ ᠪᠢᠯᠡ ᠴᠢ︕ ᠭᠡᠬᠦᠯ᠎ᠡ ᠲᠡᠮᠡᠭᠡ ᠣᠢ ᠭᠤᠮᠣᠳᠠᠯ ᠦᠭᠡᠢ | ᠪᠣᠯᠤᠭᠰᠠᠨ ᠭᠡᠨ᠎ᠡ ᠁ ᠬᠡᠮᠡᠭᠡᠳ ᠡᠮᠦᠨᠡᠬᠢ ᠬᠤᠨᠳᠠᠭ᠎ᠠ ᠪᠠᠨ ᠪᠢᠳᠡᠨ ᠳᠤ ᠳᠡᠭᠢᠨ ᠪᠠᠷᠢᠬᠤ ᠳᠤ᠂ ᠪᠢᠳᠡᠨ ᠳᠦᠷᠪᠡᠨ | ᠬᠥᠮᠥᠨ ᠤ ᠳᠤᠮᠳᠠᠬᠢ ᠰᠢᠷᠡᠭᠡᠨ ᠳᠡᠭᠡᠷᠡᠬᠢ ᠬᠤᠶᠠᠷ ᠯᠣᠩᠬᠤ ᠬᠤᠭᠤᠰᠤᠷᠠᠭᠰᠠᠨ ᠬᠠᠷᠠᠭᠳᠠᠯ᠎ᠠ᠃ ᠵᠤᠵᠠᠢ ᠡᠮᠦᠨᠡᠬᠢ | ᠬᠤᠭᠤᠰᠤᠨ ᠯᠣᠩᠬᠤ ᠪᠠᠨ ᠬᠠᠷᠠᠵᠤ᠄ | - ᠳᠠᠭᠢᠭᠠᠳ ᠨᠢᠭᠡ ᠯᠣᠩᠬᠤ ᠲᠠᠲᠠᠶ᠎ᠠ᠃ ᠭᠡᠬᠦ ᠳᠤ ᠪᠢᠳᠡᠨ᠄ | - ᠠᠭᠠᠭ ᠤᠨ ᠬᠦᠦ ᠳᠤ ᠠᠪᠤ ᠶᠢᠨ ᠬᠦᠦ ᠢᠯᠠᠭᠳᠠᠨ᠎ᠠ ᠭᠡᠳᠡᠭ ᠪᠢᠯᠡ᠂ ᠣᠳᠣ ᠪᠣᠯᠢᠶ᠎ᠠ︕ ᠭᠡᠵᠦ | ᠡᠨᠡ ᠣᠷᠣᠢ ᠶᠢᠨ ᠨᠠᠶᠢᠷ ᠢᠶᠠᠨ ᠥᠨᠳᠥᠷᠯᠡᠭᠦᠯᠦᠯᠡ᠃ | ᠮᠠᠩᠭᠠᠳᠣᠷ ᠦᠷᠦᠭᠦᠨ ᠨᠢ ᠠᠷᠢᠬᠢ ᠳᠠᠭᠠᠨ ᠮᠠᠩᠭᠠᠷᠯᠠᠭᠰᠠᠨ ᠪᠢ ᠨᠣᠶᠢᠷ ᠤᠨ ᠭᠦᠨ ᠳᠡᠭᠡᠨ | ᠮᠠᠩᠰᠢᠭᠤᠷᠠᠵᠤ ᠪᠠᠶᠢᠲᠠᠯ᠎ᠠ᠂ ᠱᠢᠷᠦ ᠠᠶᠠᠭᠠᠨ ᠳᠤ ᠢᠩᠭᠡᠨ ᠤ ᠰᠢᠨ᠎ᠡ ᠰᠠᠭᠠᠮ᠎ᠠ ᠠᠪᠴᠢᠷᠠᠵᠤ ᠦᠭᠭᠦᠯ᠎ᠡ᠃ ᠣᠷᠣᠨ | ᠳᠣᠲᠣᠷ᠎ᠠ ᠦᠰᠦ᠋ ᠪᠠᠨ ᠤᠤᠭᠤᠵᠤ ᠪᠣᠯᠣᠭᠠᠳ ᠭᠠᠷᠬᠤ ᠳᠤ ᠭᠠᠵᠠᠭ᠎ᠠ ᠪᠣᠲᠣᠭᠤ ᠪᠤᠶᠢᠯᠠᠯᠳᠤᠨ ᠰᠢᠪᠡᠷ ᠰᠢᠪᠡᠷ | ᠪᠣᠷᠤᠭ᠎ᠠ ᠣᠷᠣᠵᠤ᠂ ᠰᠡᠷ ᠰᠡᠷ ᠰᠠᠯᠬᠢ ᠰᠠᠯᠬᠢᠯᠠᠵᠤ᠂ ᠠᠷᠤ ᠪᠤᠮᠪᠠ ᠶᠢᠨ ᠣᠷᠣᠨ ᠢ ᠠᠷᠭ᠎ᠠ ᠦᠭᠡᠢ | ᠪᠤᠳᠤᠬᠳᠠᠭᠤᠯᠤᠨ᠎ᠠ᠃ | ᠪᠣᠷᠣᠭᠠᠨ ᠳᠤ ᠨᠣᠷᠬᠤ ᠰᠠᠶᠢᠬᠠᠨ᠃ ᠲᠥᠷᠥᠯᠬᠢ ᠨᠤᠲᠤᠭ ᠤᠨ ᠢᠶᠠᠨ ᠪᠣᠷᠣᠭᠠᠨ ᠳᠤ ᠱᠠᠪᠰᠢᠭᠤᠯᠵᠤ᠂ | ᠴᠡᠪᠡᠷ ᠲᠤᠩᠭᠠᠯᠠᠭ ᠠᠭᠠᠷ ᠢ ᠴᠡᠭᠡᠵᠢ ᠠᠭᠤᠵᠢᠷᠠᠲᠠᠯ᠎ᠠ ᠠᠮᠢᠰᠬᠤᠵᠤ᠂ ᠲᠣᠷᠭᠠᠨ ᠰᠠᠯᠬᠢᠨ ᠳᠤᠨᠢ ᠴᠢᠷᠠᠢ ᠪᠠᠨ | ᠤᠯᠠᠶᠢᠲᠠᠯ᠎ᠠ ᠦᠨᠦᠰᠦᠭᠦᠯᠵᠦ᠂ ᠨᠤᠲᠤᠭ ᠤᠨ ᠢᠶᠠᠨ ᠲᠤᠬᠠᠢ ᠡᠪᠦᠭᠡ ᠳᠡᠭᠡᠳᠦᠰ ᠤᠨ ᠦᠯᠡᠳᠡᠭᠡᠭᠰᠡᠨ ᠲᠡᠦᠬᠡ | ᠳᠣᠮᠤᠭ ᠢ ᠴᠢᠩᠨᠠᠵᠤ᠂ ᠮᠥᠨ ᠴᠦ ᠨᠣᠭᠤᠭᠠᠨ ᠠᠯᠴᠢᠭᠤᠷ ᠢᠶᠠᠨ ᠪᠡᠯᠡᠭᠯᠡᠵᠦ ᠪᠠᠶᠢᠭᠰᠠᠨ ᠨᠣᠶᠠᠬᠠᠨ ︵ᠥᠬᠢᠨ︶ | ᠢᠶᠠᠨ ᠳᠤᠷᠠᠰᠴᠤ ᠵᠣᠬᠰᠣᠬᠤ ᠨᠢ ᠨᠡᠩ ᠰᠠᠶᠢᠬᠠᠨ᠃ ᠴᠡᠭᠡᠵᠢ ᠣᠩᠭᠤᠶᠢᠵᠤ ᠰᠡᠳᠬᠢᠯ ᠰᠠᠷᠠᠭᠤᠯᠵᠢᠨ᠂ ᠬᠤᠶᠠᠷ | ᠰᠠᠷ᠎ᠠ ᠭᠠᠷᠤᠢ ᠬᠠᠨᠢᠶᠠᠯᠭᠠᠭᠰᠠᠨ ᠬᠠᠨᠢᠶᠠᠳᠤ ᠡᠳᠡᠭᠡᠭᠰᠡᠨ ᠰᠢᠭ ᠪᠤᠯᠬᠤ ᠳᠤ᠂ ᠺᠤᠷᠯᠠ ᠠᠴᠠ ᠭᠠᠷᠬᠤ ᠶᠢᠨ ᠡᠮᠦᠨ᠎ᠡ | ᠣᠷᠣᠢ ᠨᠠᠭᠠᠴᠤ ᠯᠢᠵᠠᠢ ᠶᠢᠨ ᠴᠠᠶᠢᠯᠠᠯᠭ᠎ᠠ ᠳᠤ ᠠᠷᠢᠬᠢᠨ ᠳᠤ ᠰᠢᠬᠠᠭᠳᠠᠨ ᠤᠤᠭᠤᠬᠤ ᠦᠭᠡᠢ ᠪᠠᠶᠢᠬᠤ ᠳᠤ᠂ | ᠬᠠᠵᠠᠭᠤ ᠳᠤ ᠮᠢᠨᠢ ᠰᠠᠭᠤᠭᠰᠠᠨ ᠨᠤᠲᠤᠭ ᠤᠨ ᠳᠡᠭᠦᠦ ᠴᠡᠪᠡᠢ ᠶᠢᠨ᠄ ︽ᠠᠬ᠎ᠠ ᠠ᠋︕ ᠲᠠᠨ ᠤ ᠡᠨᠡ ᠬᠠᠨᠢᠶᠠᠳᠤ | ᠮᠠᠩᠭᠠᠳᠣᠷ ᠨᠤᠲᠤᠭ ᠤᠨ ᠢᠶᠠᠨ ᠴᠡᠪᠡᠷ ᠲᠤᠩᠭᠠᠯᠠᠭ ᠠᠭᠠᠷ ᠠᠮᠢᠰᠬᠤᠵᠤ᠂ ᠲᠣᠷᠭᠠᠨ ᠰᠠᠯᠬᠢᠨ ᠳᠤᠨᠢ ᠦᠯᠢᠶᠡᠯᠭᠡᠪᠡᠯ | ᠡᠳᠡᠭᠡᠵᠦ ᠣᠷᠭᠢᠨ᠎ᠠ︕︾ ᠭᠡᠵᠦ ᠬᠡᠯᠡᠵᠦ ᠪᠠᠶᠢᠭᠰᠠᠨ ᠨᠢ ᠠᠶᠠᠨᠳᠠᠭᠠᠨ ᠪᠤᠳᠣᠬᠳᠠᠯᠠ᠃ | ᠰᠢᠪᠡᠷᠡᠨ ᠣᠷᠣᠬᠤ ᠪᠣᠷᠤᠭ᠎ᠠ ᠰᠡᠷᠴᠢᠭᠢᠨᠡᠨ ᠦᠯᠢᠶᠡᠬᠦ ᠰᠠᠯᠬᠢᠨ ᠳᠤᠮᠳᠠᠭᠤᠷ ᠭᠡᠷ ᠠᠴᠠ ᠵᠠᠭᠤᠭᠠᠳ | ᠠᠯᠬᠤᠮ ᠵᠠᠶᠢᠲᠠᠢ ᠮᠠᠯ ᠤᠨ ᠤᠰᠤ ᠤᠤᠭᠤᠬᠤ ᠣᠩᠭᠤᠴᠠᠨ ᠠᠴᠠ ᠢᠷᠡᠵᠤ ᠤᠰᠤ ᠤᠤᠭᠤᠭᠰᠠᠨ ᠬᠡᠳᠦᠨ ᠵᠡᠭᠡᠷ᠎ᠡ | ᠨᠠᠮᠠᠶᠢ ᠰᠣᠷᠲᠣᠯᠵᠠᠨ ᠬᠠᠯᠢᠶᠠᠬᠤ ᠨᠢ ᠪᠢ ᠲᠡᠭᠦᠨ ᠳᠤ ᠢᠵᠢᠯᠢ ᠳᠠᠰᠤᠯ ᠪᠢᠰᠢ ᠰᠠᠨᠠᠭᠳᠠᠵᠤ ᠪᠠᠶᠢᠬᠤ ᠶᠤᠮ ᠤᠤ᠂ | ᠡᠰᠡᠬᠦᠯ᠎ᠡ ᠨᠤᠲᠤᠭ ᠨᠢᠭᠡᠲᠡᠢ ᠨᠠᠮᠠᠶᠢ ᠲᠠᠨᠢᠵᠤ᠂ ︽ᠡᠨᠡ ᠭᠡᠷ ᠢᠶᠠᠨ ᠭᠡᠭᠡᠭᠰᠡᠨ ᠭᠡᠰᠡᠷ ᠪᠣᠭᠳᠠ ᠬᠡᠵᠢᠶ᠎ᠡ ᠢᠷᠡᠴᠢᠬᠡᠪᠡ︖ | ︾ ᠭᠡᠵᠦ ᠭᠠᠶᠢᠬᠠᠵᠤ ᠪᠠᠶᠢᠬᠤ ᠴᠣ᠋ ᠶᠤᠮ ᠤᠤ︖ ᠨᠠᠮᠠᠶᠢ ᠬᠠᠯᠢᠶᠠᠬᠤ ᠪᠠᠷ ᠢᠶᠠᠨ ᠬᠠᠯᠢᠶᠠᠵᠤ᠂ ᠤᠰᠤ ᠪᠠᠨ | ᠤᠤᠭᠤᠬᠤ ᠪᠠᠷ ᠢᠶᠠᠨ ᠤᠤᠭᠤᠨ᠎ᠠ᠃ ᠬᠠᠷᠢᠨ ᠪᠤᠯᠠᠭ ᠤᠨ ᠲᠣᠭᠲᠠᠭᠠᠯ ᠳᠤ ᠡᠷᠭᠢᠴᠡᠭᠰᠡᠨ ᠨᠢᠭᠡ ᠵᠤᠯᠵᠠᠭ᠎ᠠ ᠲᠠᠢ | ᠲᠣᠭᠤᠷᠤᠤ ᠨᠢ ᠮᠢᠨᠤ ᠲᠠᠪᠤᠨ ᠨᠠᠰᠤᠲᠠᠢ ᠠᠴᠢ ᠶᠢᠨ ᠮᠠᠨᠢ ᠬᠥᠭᠡᠭᠡᠴᠡᠯᠳᠦᠨ ᠨᠠᠭᠠᠳᠬᠤ ︽ᠲᠣᠭᠯᠠᠭᠠᠮ︾ ᠪᠣᠯᠵᠤ᠂ | ᠠᠴᠢ ᠮᠢᠨᠢ ᠴᠦ ᠡᠪᠦᠭᠡ᠂ ᠠᠪᠤ ᠡᠵᠢ ᠪᠠᠨ ︽ᠴᠢᠯᠦᠭᠡᠯᠡᠭᠰᠡᠨ︾ ᠨᠢ ᠪᠠᠰᠠ ᠠᠵᠠ ᠲᠠᠢ ᠶᠠᠪᠤᠳᠠᠯ ᠪᠣᠯᠣᠭᠠᠳ ᠬᠥᠮᠥᠨ | ᠬᠢᠭᠡᠳ ᠠᠭᠤᠷᠠᠰᠣᠨ ᠠᠮᠢᠳᠠᠨ ᠡᠪ ᠵᠣᠬᠢᠴᠠᠯ ᠲᠠᠢ ᠬᠠᠮᠲᠤ ᠣᠷᠣᠰᠢᠬᠤ ᠰᠠᠶᠢᠬᠠᠨ ᠣᠷᠴᠢᠨ ᠠᠬᠤᠢ ᠶᠢᠨ ᠵᠢᠷᠤᠭ | ᠨᠢᠳᠦᠨ᠎ᠡ ᠲᠣᠳᠣᠷᠠᠨ᠎ᠠ᠃ | ᠭᠠᠯ ᠦᠳᠡ ᠶᠢᠨ ᠦᠶ᠎ᠡ ᠪᠠᠷ᠂ ᠪᠡᠯᠴᠢᠭᠡᠷ ᠠᠴᠠ ᠪᠠᠨ ᠴᠤᠪᠤᠷᠠᠯᠳᠤᠨ ᠢᠷᠡᠵᠤ ᠣᠩᠭᠤᠴᠠᠨ ᠠᠴᠠ | ᠤᠰᠤ ᠤᠤᠭᠤᠭᠰᠠᠨ ᠲᠡᠮᠡᠭᠡᠳ ᠣᠷᠣᠭᠤᠯ ᠢᠶᠠᠨ ᠰᠠᠵᠢᠨ ᠳᠡᠭᠡᠭᠰᠢ ᠠᠭᠤᠯᠠ ᠶᠢᠨ ᠣᠷᠣᠢ ᠥᠭᠡᠳᠡ ᠬᠠᠯᠢᠶᠠᠬᠤ ᠶᠢ | ᠦᠵᠡᠭᠡᠳ᠂ ︽ᠡᠨᠡ ᠲᠡᠮᠡᠭᠡᠳ ᠶᠠᠭᠤ ᠬᠠᠯᠢᠶᠠᠵᠤ ᠪᠠᠶᠢᠬᠤ ᠪᠣᠯᠪᠠ︖︾ ᠭᠡᠵᠦ ᠪᠤᠳᠤᠭᠠᠳ ᠠᠭᠤᠯᠠ ᠶᠢᠨ ᠣᠷᠣᠢ | ᠥᠭᠡᠳᠡ ᠬᠠᠯᠢᠶᠠᠭᠠᠳ᠂ ᠰᠣᠨᠢᠨ ᠬᠠᠴᠢᠨ ᠶᠠᠭᠤᠮ᠎ᠠ ᠣᠯᠵᠤ ᠦᠵᠡᠵᠦ ᠡᠰᠡ ᠴᠢᠳᠠᠭᠠᠳ ᠵᠤᠵᠠᠢ ᠠᠴᠠ᠄ | - ᠡᠨᠡ ᠲᠡᠮᠡᠭᠡᠳ ᠠᠭᠤᠯᠠ ᠶᠢᠨ ᠣᠷᠣᠢ ᠤᠷᠤᠭᠤ ᠶᠠᠭᠤ ᠬᠠᠯᠢᠶᠠᠵᠤ ᠪᠠᠶᠢᠬᠤ ᠪᠤᠢ︖ ᠭᠡᠬᠦ ᠳᠤ | ᠵᠣᠵᠠᠢ ᠢᠨᠢᠶᠡᠮᠰᠦᠭᠯᠡᠨ᠄ | - ᠡᠪᠡᠷ ᠢ ᠨᠢ ᠵᠢᠭᠡᠯᠡᠭᠰᠡᠨ ᠪᠤᠭᠤ ᠢᠷᠡᠵᠤ ᠡᠪᠡᠷ ᠢ ᠨᠢ ᠪᠤᠴᠠᠭᠠᠬᠤ ᠶᠢ ᠬᠠᠷᠠᠨ ᠬᠦᠯᠢᠶᠡᠵᠦ ᠪᠠᠶᠢᠨ᠎ᠠ | ᠭᠡᠯᠡ᠃ ᠪᠢ ᠠᠯᠠᠩᠳᠤᠷᠠᠨ᠄ | - ᠶᠠᠭᠤ ᠭᠡᠨ᠎ᠡ︖ ᠡᠪᠡᠷ ᠢ ᠨᠢ ᠵᠢᠭᠡᠯᠡᠭᠰᠡᠨ ᠪᠤᠭᠤ ᠢᠷᠡᠵᠤ ᠪᠤᠴᠠᠭᠠᠬᠤ ᠶᠢ ᠨᠢ ᠬᠠᠷᠠᠨ ᠬᠦᠯᠢᠶᠡᠵᠦ | ᠪᠠᠶᠢᠨ᠎ᠠ ᠭᠡᠨ᠎ᠡ︖ ᠭᠡᠬᠦ ᠳᠤ ᠵᠣᠵᠠᠢ᠄ | - ᠲᠡᠶᠢᠮᠤ᠃ ᠪᠢ ᠲᠠᠨ ᠳᠤ ᠡᠨᠡ ᠲᠤᠬᠠᠢ ᠨᠢᠭᠡ ᠰᠠᠶᠢᠬᠠᠨ ᠠᠷᠠᠳ ᠤᠨ ᠠᠮᠠᠨ ᠦᠯᠢᠭᠡᠷ ᠶᠠᠷᠢᠵᠤ | ᠦᠭᠭᠦᠶ᠎ᠡ ᠭᠡᠳ ᠨᠢᠭᠡ ᠲᠠᠮᠠᠬᠢ ᠠᠰᠠᠭᠠᠵᠤ ᠰᠣᠷᠣᠬᠰᠠᠨ ᠢᠶᠠᠨ᠄ | - ᠬᠡᠵᠢᠶᠡᠨᠡᠢ ︵ᠡᠷᠲᠡ ᠤᠷᠢᠳᠤ ᠶᠢᠨ ᠴᠠᠭ ᠲᠤ︶ ᠲᠡᠮᠡᠭᠡᠨ ᠤ ᠡᠪᠦᠭᠡ ᠨᠢ ᠲᠣᠯᠣᠭᠠᠢ ᠳᠠᠭᠠᠨ ᠠᠷᠪᠠᠨ | ᠬᠤᠶᠠᠷ ᠰᠠᠯᠠᠭ᠎ᠠ ᠲᠠᠢ ᠡᠪᠡᠷ ᠲᠠᠢ ᠪᠠᠶᠢᠵᠠᠢ᠃ ᠲᠡᠭᠡᠭᠡᠳ ᠡᠨᠡ ᠲᠡᠮᠡᠭᠡᠨ ᠤ ᠡᠪᠦᠭᠡ ᠡᠯᠡᠰᠦᠨ ᠭᠤᠪᠢ ᠳᠤ | ᠢᠳᠡᠰᠢᠯᠡᠵᠦ ᠪᠣᠯᠣᠭᠠᠳ᠂ ᠬᠠᠷᠠᠵᠠ ᠪᠤᠯᠠᠭ ᠤᠨ ᠣᠰᠣᠨ ᠠᠴᠠ ᠬᠠᠨᠲᠠᠯ᠎ᠠ ᠪᠠᠨ ᠤᠤᠭᠤᠵᠤ ᠠᠪᠤᠭᠠᠳ ᠡᠷᠭᠢᠭᠡᠳ | ᠭᠤᠪᠢ ᠳᠠᠭᠠᠨ ᠢᠷᠡᠳᠡᠭ ᠪᠠᠶᠢᠵᠠᠢ᠃ ᠲᠡᠷᠡ ᠤᠰᠤ ᠤᠤᠭᠤᠬᠤ ᠪᠣᠯᠭᠠᠨ ᠠᠭᠤᠯᠠ ᠶᠢᠨ ᠥᠳᠬᠡᠨ ᠣᠢ ᠠᠴᠠ ᠨᠢᠭᠡ | ᠪᠤᠭᠤ ᠭᠠᠷᠴᠤ ᠢᠷᠡᠭᠡᠳ ᠡᠳᠦᠷ ᠪᠦᠷᠢ ᠬᠠᠮᠲᠤ ᠤᠰᠤ ᠤᠤᠭᠤᠭᠰᠠᠭᠠᠷ ᠪᠠᠶᠢᠵᠤ ᠲᠠᠨᠢᠯᠳᠠᠨ ᠰᠠᠶᠢᠨ ᠠᠬ᠎ᠠ ᠳᠡᠭᠦᠦ | ᠪᠣᠯᠣᠯᠴᠠᠵᠤ ᠭᠡᠨ᠎ᠡ᠃ | ᠨᠢᠭᠡ ᠡᠳᠦᠷ ᠪᠤᠭᠤ ᠤᠰᠤ ᠤᠤᠭᠤᠬᠤ ᠪᠠᠷ ᠢᠷᠡᠭᠡᠳ ᠲᠡᠮᠡᠭᠡ ᠠᠴᠠ ᠶᠠᠮᠠᠷ ᠨᠢᠭᠡ ᠶᠠᠭᠤᠮ᠎ᠠ ᠰᠤᠷᠠᠬᠤ | ᠭᠡᠳ ᠰᠤᠷᠠᠵᠤ ᠡᠰᠡ ᠴᠢᠳᠠᠭᠠᠳ ᠶᠡᠭᠡ ᠦᠷᠦᠪᠳᠦᠮᠡᠷ ᠳᠦᠷᠢ ᠭᠠᠷᠭᠠᠨ ᠲᠠᠲᠠᠭᠠᠯᠵᠠᠵᠤ ᠪᠠᠶᠢᠬᠤ ᠶᠢ ᠲᠡᠮᠡᠭᠡ | ᠠᠵᠢᠭᠯᠠᠨ ᠮᠡᠳᠡᠵᠤ᠄ | -ᠶᠠᠮᠠᠷ ᠤᠴᠢᠷ ᠪᠣᠯᠪᠠ ᠳᠡᠭᠦᠦ ᠮᠢᠨᠢ︖ ᠲᠠᠲᠠᠭᠠᠯᠵᠠᠭᠰᠠᠨ ᠤ ᠬᠡᠷᠡᠭ ᠦᠭᠡᠢ᠂ ᠠᠬ᠎ᠠ ᠳᠠᠭᠠᠨ ᠭᠡᠯᠡ︕ | ᠭᠡᠬᠦ ᠳᠤ ᠪᠤᠭᠤ᠄ | - ᠠᠬ᠎ᠠ ᠠ᠋᠂ ᠦᠳᠡ ᠶᠢᠨ ᠬᠤᠶᠢᠨ᠎ᠠ ᠨᠢᠭᠡ ᠬᠤᠷᠢᠮ ᠳᠤ ᠣᠳᠬᠤ ᠪᠣᠯᠤᠭᠰᠠᠨ ᠪᠢᠯᠡ ᠪᠢ᠂ ᠲᠠ | ᠮᠠᠭᠤ ᠳᠡᠭᠦᠦ ᠳᠡᠭᠡᠨ ᠠᠷᠪᠠᠨ ᠰᠠᠯᠠᠭ᠎ᠠ ᠲᠠᠢ ᠡᠪᠡᠷ ᠢᠶᠠᠨ ᠵᠢᠭᠡᠯᠡᠭᠡᠳ ᠥᠭᠴᠦ ᠪᠠᠶᠢᠭᠲᠤᠨ︕ ᠮᠠᠩᠭᠠᠳᠤᠷ ᠡ᠊ᠨᠳᠡ | ᠤᠰᠤ ᠤᠤᠭᠤᠬᠤ ᠪᠠᠷ ᠢᠷᠡᠬᠦ ᠦᠶ᠎ᠡ ᠳᠡᠭᠡᠨ ᠲᠠᠨ ᠳᠤ ᠬᠠᠷᠢᠭᠤᠯᠤᠭᠠᠳ ᠦᠭᠭᠦᠶ᠎ᠡ︕ ᠭᠡᠬᠦ ᠳᠤ ᠲᠡᠮᠡᠭᠡ᠄ | - ᠵᠠ ᠪᠣᠯᠣᠨ᠎ᠠ ᠭᠡᠵᠦ ᠡᠪᠡᠷ ᠢᠶᠠᠨ ᠥᠭᠴᠦ ᠶᠠᠪᠤᠭᠤᠯᠤᠭᠰᠠᠨ ᠭᠡᠨ᠎ᠡ᠃ ᠪᠤᠭᠤ ᠲᠡᠮᠡᠭᠡᠨ ᠤ ᠠᠷᠪᠠᠨ | ᠰᠠᠯᠠᠭ᠎ᠠ ᠲᠠᠢ ᠡᠪᠡᠷ ᠢ ᠵᠡᠭᠦᠵᠦ ᠠᠪᠤᠭᠠᠳ ᠬᠤᠷᠢᠮ ᠳᠤ ᠣᠲᠣᠭᠰᠠᠨ ᠳᠤ ᠬᠤᠷᠢᠮ ᠳᠤ ᠢᠷᠡᠭᠰᠡᠨ ᠠᠮᠢᠲᠠᠳ | ᠲᠡᠭᠦᠨ ᠤ ᠠᠷᠪᠠᠨ ᠰᠠᠯᠠᠭ᠎ᠠ ᠲᠠᠢ ᠡᠪᠡᠷ ᠢ ᠱᠠᠭᠰᠢᠨ ᠮᠠᠭᠲᠠᠵᠤ᠂ ᠰᠣᠨᠢᠷᠬᠠᠨ ᠭᠠᠶᠢᠬᠠᠭᠰᠠᠨ ᠳᠤ ᠪᠤᠭᠤ ᠵᠡᠭᠦᠭᠰᠡᠨ | ᠡᠪᠡᠷ ᠲᠡᠭᠡᠨ ᠵᠢᠯᠪᠢᠳᠠᠵᠤ᠂ ᠲᠡᠷᠡ ᠡᠪᠡᠷ ᠢ ᠲᠡᠮᠡᠭᠡᠨ ᠳᠤ ᠡᠷᠭᠢᠭᠦᠯᠵᠦ ᠥᠭᠬᠦ ᠳᠤᠷ᠎ᠠ ᠦᠭᠡᠢ ᠪᠣᠯᠣᠭᠠᠳ | ᠲᠡᠮᠡᠭᠡᠨ ᠠᠴᠠ ᠵᠣᠯᠠᠭᠠᠳ ᠠᠭᠤᠯᠠᠨ ᠳᠤ ᠭᠠᠷᠴᠤ ᠣᠢ ᠳᠤ ᠰᠢᠷᠭᠤᠨ ᠣᠷᠣᠵᠤ ᠭᠡᠨ᠎ᠡ᠃ ᠳᠡᠭᠡᠭᠡᠳ ᠲᠡᠮᠡᠭᠡ ᠤᠰᠤ | ᠤᠤᠭᠤᠬᠤ ᠳᠠᠭᠠᠨ ︽ᠪᠤᠭᠤ ᠡᠪᠡᠷ ᠢ ᠮᠢᠨᠢ ᠠᠪᠴᠤ ᠢᠷᠡᠵᠤ ᠪᠠᠶᠢᠬᠤ ᠪᠣᠯᠪᠠᠤ︖︾ ᠭᠡᠳ ᠨᠢᠭᠡ ᠪᠠᠯᠭᠤ ᠤᠰᠤ | ᠤᠤᠭᠤᠭᠠᠳ ᠨᠢᠭᠡ ᠤᠳᠠᠭ᠎ᠠ ᠠᠯᠤᠰ ᠤᠨ ᠠᠭᠤᠯᠠᠨ ᠤ ᠣᠷᠣᠢ ᠶᠢ ᠤᠳᠠᠲᠠᠯ᠎ᠠ ᠬᠠᠯᠢᠶᠠᠳᠠᠭ ᠪᠣᠯᠵᠤ ᠭᠡᠨ᠎ᠡ ᠁ | ᠭᠡᠳ ᠡᠵᠡᠨ ᠳᠡᠭᠡᠨ ᠦᠨᠡᠨᠴᠢ ᠰᠢᠳᠤᠷᠭᠤ ᠲᠡᠮᠡᠭᠡ ᠦᠰᠦ ᠨᠣᠣᠰᠣ ᠨᠢ ᠴᠠᠶᠢᠭᠰᠠᠨ ᠬᠤᠯᠵᠢᠨ ᠦᠨᠡᠭᠡᠨ ᠳᠤ ᠪᠢᠰᠢ᠂ | ᠬᠠᠷᠢᠨ ᠣᠶᠢᠷ᠎ᠠ ᠳᠣᠲᠣᠨᠣ ᠠᠬ᠎ᠠ ᠳᠡᠭᠦᠦ ᠥᠯ ᠬᠠᠯᠵᠠᠨ ᠪᠤᠭᠤ ᠳᠤ ᠮᠡᠬᠡᠯᠡᠭᠳᠡᠭᠰᠡᠨ ᠢᠨᠢᠶᠡᠳᠦᠮ ᠲᠠᠢ ᠦᠯᠢᠭᠡᠷ ᠢ | ᠶᠠᠷᠢᠵᠤ ᠦᠭᠭᠦᠯ᠎ᠡ᠃ | ᠲᠡᠮᠡᠭᠡ ᠡᠵᠡᠨ ᠳᠡᠭᠡᠨ ᠣᠨᠴᠠ ᠳᠠᠰᠳᠠᠭ ᠤᠶᠠᠨ ᠰᠡᠳᠬᠢᠯ ᠲᠠᠢ ᠠᠮᠢᠳᠠᠨ ᠭᠡᠳᠡᠭ ᠨᠢ ᠠᠷᠭ᠎ᠠ ᠦᠭᠡᠢ᠃ | ᠲᠤᠰ ᠡᠳᠦᠷ ᠵᠤᠵᠠᠢ ᠶᠢᠨ ᠬᠠᠷᠢᠴᠠᠭᠰᠠᠨ ᠬᠡᠳᠦᠨ ᠤᠶᠢᠭᠤᠷ ᠮᠠᠶᠢᠮᠠᠶᠢᠴᠢᠨ ᠢᠷᠡᠵᠤ᠂ ᠵᠤᠵᠠᠢ ᠶᠢᠨ ᠬᠢ ᠠᠴᠠ | ᠠᠷᠪᠠᠨ ᠲᠡᠮᠡᠭᠡ ᠠᠪᠬᠤ ᠳᠤ᠂ ᠶᠢᠰᠦᠨ ᠲᠡᠮᠡᠭᠡ ᠨᠢ ᠤᠶᠢᠭᠤᠷ ᠮᠠᠶᠢᠮᠠᠶᠢᠴᠢᠨ ᠤ ᠠᠯᠪᠠᠳᠠᠯᠭ᠎ᠠ ᠪᠠᠷ ᠮᠠᠰᠢᠨ ᠳᠤ | ᠭᠠᠷᠤᠭᠰᠠᠨ ᠴᠣ᠋᠂ ᠨᠢᠭᠡ ᠬᠥᠭᠰᠢᠨ ᠲᠡᠮᠡᠭᠡ ᠨᠢ ᠤᠶᠢᠭᠤᠷ ᠮᠠᠶᠢᠮᠠᠶᠢᠴᠢᠳ ᠶᠠᠭᠠᠬᠢᠵᠤ ᠠᠯᠪᠠᠳᠠᠵᠤ ᠡᠷᠡᠭᠦᠳᠡᠭᠰᠡᠨ ᠴᠣ᠋ | ᠬᠦᠷᠬᠢᠷᠡᠨ᠂ ᠬᠡᠪᠲᠡᠭᠰᠡᠨ ᠪᠠᠶᠢᠷᠢ ᠠᠴᠠ ᠪᠠᠨ ᠪᠤᠰᠬᠤ ᠦᠭᠡᠢ ᠪᠠᠶᠢᠵᠤ᠂ ᠡᠴᠦᠰ ᠲᠡᠭᠡᠨ ︽ᠢᠯᠠᠯᠲᠠ︾ ᠣᠯᠵᠤ᠂ | ᠰᠦᠷᠦᠭ ᠲᠡᠭᠡᠨ ᠬᠤᠴᠣᠷᠬᠤ ᠡᠷᠬᠡ ᠣᠯᠣᠯ᠎ᠠ᠃ ᠲᠡᠮᠡᠭᠡ ᠠᠴᠢᠭᠰᠠᠨ ᠮᠠᠰᠢᠨ ᠬᠥᠳᠡᠯᠬᠦ ᠠᠴᠠ ᠡᠮᠦᠨ᠎ᠡ ᠵᠣᠵᠠᠢ | ᠱᠢᠷᠦ ᠲᠠᠢ ᠪᠠᠨ ᠢᠷᠡᠵᠤ᠂ ᠮᠠᠰᠢᠨ ᠳᠤ ᠠᠴᠢᠭᠰᠠᠨ ᠲᠡᠮᠡᠭᠡᠨ ᠤ ᠰᠠᠩᠮᠠᠢ ᠠᠴᠠ ᠨᠢ ᠬᠠᠶᠢᠴᠢᠯᠠᠨ ᠠᠪᠴᠤ᠂ ᠴᠠᠭᠠᠨ | ᠬᠠᠳᠠᠭ ᠲᠤ ᠪᠣᠭᠤᠵᠤ ᠠᠪᠤᠭᠠᠳ ᠰᠠᠩᠮᠠᠢ ᠳᠤᠨᠢ ᠦᠰᠦ᠋ ᠲᠦᠷᠭᠢᠭᠦ ᠳᠤ᠂ ᠲᠡᠮᠡᠭᠡᠳ ᠤᠨ ᠨᠢᠳᠦᠨ ᠠᠴᠠ | ᠬᠡᠯᠬᠢᠶ᠎ᠡ ᠲᠠᠢ ᠰᠤᠪᠤᠳ ᠰᠢᠭ᠋ ᠲᠣᠮᠣ ᠲᠣᠮᠣ ᠨᠢᠯᠪᠤᠰᠤ ᠳᠣᠰᠣᠯᠠᠵᠤ ᠪᠤᠶᠢᠯᠠᠬᠤ ᠳᠤ ᠵᠤᠵᠠᠢ ᠱᠢᠷᠦ ᠬᠤᠶᠠᠭᠤᠯᠠ ᠴᠣ᠋ | ᠨᠢᠯᠪᠤᠰᠤ ᠤᠨᠠᠭᠠᠨ ᠭᠡᠷ ᠲᠡᠭᠡᠨ ᠣᠷᠣᠯ᠎ᠠ᠃ ᠵᠤᠵᠠᠢ ᠨᠢᠯᠪᠤᠰᠤ ᠪᠠᠨ ᠠᠷᠴᠢᠨ᠄ | - ᠲᠡᠮᠡᠭᠡ ᠭᠡᠳᠡᠭ ᠰᠦᠷᠡᠬᠡᠢ ᠨᠤᠲᠤᠭᠰᠠᠭ ᠳᠡᠭᠡᠷ᠎ᠡ ᠪᠠᠨ ᠤᠶᠠᠨ ᠰᠡᠳᠬᠢᠯ ᠲᠠᠢ ᠠᠮᠢᠳᠠᠨ᠃ ᠪᠢ | 2009 ᠣᠨ ᠳᠤ ᠠᠯᠠᠱᠠ ᠠᠴᠠ ᠠᠪᠴᠤ ᠢᠷᠡᠭᠰᠡᠨ ᠲᠡᠮᠡᠭᠡ ᠪᠠᠨ ᠭᠡᠳᠦ ᠤᠳᠠᠭ᠎ᠠ ᠠᠯᠳᠠᠵᠤ ᠭᠡᠭᠡᠭᠡᠳ᠂ | ᠲᠦᠷᠫᠠᠨ ᠤ ᠬᠢᠯᠢ ᠳᠤ ᠣᠷᠣᠵᠤ ᠪᠠᠶᠢᠬᠤ ᠳᠤᠨᠢ ᠭᠦᠢᠴᠡᠭᠡᠳ ᠠᠪᠴᠢᠷᠠᠯ᠎ᠠ᠃ ᠲᠦᠷᠫᠠᠨ ᠥᠩᠭᠡᠷᠡᠨ ᠬᠠᠮᠢᠯ ᠳᠤ | ᠣᠷᠣᠪᠠᠯ ᠠᠯᠠᠱᠠ ᠶᠢᠨ ᠡᠵᠡᠨ᠎ᠡ ᠬᠤᠰᠢᠭᠤᠨ ᠳᠤ ᠬᠦᠷᠴᠢᠬᠡᠬᠦ ᠨᠢ ᠲᠠᠷᠠ᠃ ᠲᠡᠳᠡᠭᠡᠷ ᠲᠡᠮᠡᠭᠡᠳ ᠢ ᠠᠪᠴᠤ ᠢᠷᠡᠭᠡᠳ | ᠤᠶᠠᠭᠠᠨ ᠳᠤ ᠤᠶᠠᠬᠤ ᠳᠤ ᠲᠡᠷᠡ ᠲᠡᠮᠡᠭᠡᠳ ᠴᠥᠮ ᠳᠡᠭᠡᠨ ᠠᠯᠠᠱᠠ ᠵᠦᠭ ᠬᠠᠯᠢᠶᠠᠵᠤ ᠬᠡᠪᠲᠡᠳᠡᠭ ᠪᠠᠶᠢᠭᠰᠠᠨ ᠨᠢ | ᠶᠡᠭᠡ ᠭᠤᠨᠢᠷᠬᠠᠯ ᠲᠠᠢ ᠰᠠᠨᠠᠭᠳᠠᠳᠠᠭ ᠪᠠᠶᠢᠭᠰᠠᠨ ᠶᠤᠮ᠃ ᠪᠣᠲᠣᠭᠤ ᠪᠠᠨ ᠭᠤᠯᠣᠭᠰᠠᠨ ᠢᠩᠭᠡᠨ ᠳᠤ ᠣᠷᠳᠣ ᠶᠢᠨ | ᠳᠠᠭᠤᠤ ᠳᠠᠭᠤᠯᠠᠬᠤ᠂ ᠬᠤᠭᠤᠷ ᠬᠥᠭᠵᠢᠮ ᠲᠠᠲᠠᠬᠤ ᠳᠤ ᠤᠬᠢᠯᠠᠵᠤ ᠪᠤᠶᠢᠯᠠᠭᠠᠳ ᠪᠣᠲᠣᠭᠤ ᠪᠠᠨ ᠠᠪᠳᠠᠭ ᠶᠤᠮ ᠭᠡᠯᠡ | ᠃ | ᠬᠥᠮᠥᠰ᠂ ︽ᠲᠡᠮᠡᠭᠡ ᠲᠡᠷᠡ ᠪᠡᠶ᠎ᠡ ᠪᠠᠷ ᠢᠶᠠᠨ ᠡᠷᠳᠡᠨᠢ︾ ᠭᠡᠳᠡᠭ ᠨᠢ ᠦᠨᠡᠨ ᠪᠤᠯᠣᠯᠳᠠᠢ᠃ | ᠲᠡᠮᠡᠭᠡᠨ ᠤ ᠨᠣᠣᠰᠣᠨ ᠡᠳ᠋ᠯᠡᠯ ᠨᠢ ᠵᠥᠭᠡᠯᠡᠨ᠂ ᠬᠥᠩᠭᠡᠨ᠂ ᠳᠤᠯᠠᠭᠠᠨ᠂ ᠪᠠᠲᠤ ᠪᠥᠭᠡᠳ ᠡᠳ᠋ᠯᠡᠵᠦ ᠡᠮᠦᠰᠬᠦ ᠳᠤ | ᠲᠠᠭᠠᠯᠠᠮᠵᠢᠲᠠᠢ ᠪᠠᠶᠢᠳᠠᠭ᠃ ᠲᠡᠮᠡᠭᠡᠨ ᠤ ᠵᠣᠭᠳᠣᠷ ᠢᠶᠠᠷ ᠠᠷᠭᠠᠮᠵᠢ ᠳᠡᠭᠡᠰᠦ ᠲᠠᠮᠤᠬᠤ᠂ ᠤᠲᠠᠰᠤ ᠡᠭᠡᠷᠡᠬᠦ᠂ ᠭᠡᠷ ᠤᠨ | ᠣᠭᠤᠰᠣᠷ ᠪᠦᠰᠡᠯᠡᠭᠦᠷ ᠬᠢᠬᠦ᠂ ᠤᠶᠠᠭ᠎ᠠ ᠲᠠᠲᠠᠯᠠᠭ᠎ᠠ᠂ ᠪᠤᠷᠠᠨᠲᠠᠭ᠂ ᠨᠣᠭᠲᠣ᠂ ᠴᠤᠯᠪᠤᠭᠤᠷ᠂ ᠣᠯᠣᠩ᠂ ᠭᠠᠨᠵᠤᠭ᠎ᠠ᠂ | ᠴᠢᠳᠦᠷ᠂ ᠲᠤᠰᠢᠶ᠎ᠠ ᠵᠡᠷᠭᠡ ᠶᠢ ᠬᠢᠬᠦ ᠳᠤ ᠲᠣᠩ ᠰᠠᠶᠢᠨ ᠪᠠᠶᠢᠵᠤ᠂ ᠵᠣᠭᠳᠣᠷ ᠢᠶᠠᠷ ᠬᠢᠭᠰᠡᠨ ᠡᠳ᠋ᠯᠡᠯ ᠨᠢ ᠤᠳᠠᠭᠠᠨ | ᠵᠢᠯ ᠡᠯᠡᠭᠳᠡᠵᠦ ᠲᠠᠰᠤᠷᠠᠬᠤ ᠦᠭᠡᠢ ᠪᠠᠲᠤ ᠮᠥᠷᠲᠡᠭᠡᠨ ᠬᠥᠯᠥᠰᠦ ᠤᠰᠤ᠂ ᠪᠣᠷᠣᠭᠠᠨ ᠬᠤᠷ᠎ᠠ ᠳᠤ ᠨᠣᠷᠴᠤ | ᠳᠡᠪᠲᠦᠭᠰᠡᠨ ᠴᠣ᠋ ᠬᠤᠵᠠᠶᠢᠵᠦ ᠬᠠᠲᠠᠭᠤᠷᠠᠬᠤ ᠦᠭᠡᠢ᠂ ᠪᠠᠷᠤᠭᠲᠠᠢ ᠳᠤ ᠦᠵᠢᠷᠡᠵᠦ ᠥᠭᠢᠷᠡᠬᠦ ᠦᠭᠡᠢ ᠶᠤᠮ᠃ | ᠢᠩᠭᠡᠨ ᠤ ᠦᠰᠦ᠋ ᠶᠢ ᠰᠠᠭᠠᠮᠠᠭᠴᠠ ᠤᠤᠭᠤᠵᠤ ᠪᠣᠯᠣᠨ᠎ᠠ᠃ ᠢᠩᠭᠡᠨ ᠤ ᠦᠰᠦ᠋ ᠰᠢᠮ᠎ᠡ | ᠲᠡᠵᠢᠭᠡᠯ ᠢᠶᠠᠷ ᠥᠨᠳᠥᠷ᠂ ᠬᠥᠮᠥᠨ ᠮᠠᠯ ᠤᠨ ᠪᠡᠶ᠎ᠡ ᠳᠤ ᠲᠡᠵᠢᠭᠡᠯ ᠨᠥᠬᠦᠪᠦᠷᠢᠯᠡᠬᠦ ᠣᠭᠢ ᠢᠳᠡᠭᠡᠨ ᠪᠣᠯᠣᠨ᠎ᠠ᠃ | ᠢᠩᠭᠡ ᠪᠣᠲᠣᠭᠤ ᠪᠠᠨ ᠴᠠᠳᠲᠠᠯ᠎ᠠ ᠬᠥᠬᠦᠭᠦᠯᠬᠦ ᠠᠴᠠ ᠭᠠᠵᠠᠭ᠎ᠠ ᠡᠳᠦᠷ ᠲᠤ ᠬᠠᠮᠤᠭ ᠤᠨ ᠪᠠᠭ᠎ᠠ ᠳᠠᠭᠠᠨ 2 ᠵᠢᠩ | ᠦᠰᠦ᠋ ᠭᠠᠷᠴᠤ᠂ ᠳᠤᠮᠳᠠ ᠲᠥᠯᠥᠪ ᠤᠨ ᠬᠢᠨᠢ 3- 6 ᠵᠢᠩ ᠦᠰᠦ᠋ ᠭᠠᠷᠴᠤ᠂ ᠬᠠᠮᠤᠭ ᠠᠷᠪᠢᠨ ᠳᠠᠭᠠᠨ 7 ᠵᠢᠩ | ᠦᠰᠦ᠋ ᠭᠠᠷᠳᠠᠭ ᠪᠥᠭᠡᠳ 14 -17 ᠰᠠᠷ᠎ᠠ ᠦᠷᠭᠦᠯᠵᠢᠯᠡᠨ ᠰᠠᠭᠠᠵᠤ ᠪᠤᠯᠳᠠᠭ᠃ ᠢᠩᠭᠡᠨ ᠦᠰᠦ᠋ ᠪᠣᠯ | ᠮᠠᠯᠴᠢᠳ ᠤᠨ ᠴᠠᠭᠠᠨ ᠢᠳᠡᠭᠡᠨ ᠤ ᠭᠤᠣᠯ ᠢᠷᠡᠯᠲᠡ ᠶᠢᠨ ᠨᠢᠭᠡ ᠪᠣᠯᠣᠨ᠎ᠠ᠃ ᠢᠩᠭᠡᠨ ᠦᠰᠦ᠋ ᠪᠠᠷ ᠴᠠᠢ ᠦᠰᠦᠯᠡᠵᠤ | ᠤᠤᠭᠤᠬᠤ ᠠᠴᠠ ᠭᠠᠵᠠᠭ᠎ᠠ ᠰᠠᠭᠠᠯᠢ ᠶᠢᠨ ᠠᠷᠢᠬᠢ᠂ ᠥᠷᠥᠮ᠎ᠡ ᠬᠤᠷᠤᠳ ᠬᠢᠬᠦ᠂ ᠬᠥᠷᠥᠩᠭᠡ ᠶᠢ ᠨᠢ ᠬᠤᠷᠢᠶᠠᠨ | ᠪᠦᠯᠢᠵᠦ ᠴᠠᠭᠠᠨ ᠲᠣᠰᠣ ᠠᠪᠬᠤ ᠪᠠ ᠠᠭᠠᠷᠤᠤᠯ ᠬᠢᠬᠦ᠂ ᠴᠠᠭᠠᠨ ᠲᠣᠰᠣ ᠪᠠᠨ ᠰᠢᠷᠭᠠᠭᠠᠨ ᠰᠢᠷ᠎ᠠ ᠲᠣᠰᠣ ᠠᠪᠴᠤ | ᠪᠤᠯᠳᠠᠭ᠃ ᠢᠩᠭᠡᠨ ᠦᠰᠦ᠋ ᠪᠣᠯ ᠠᠮᠲᠠᠯᠢᠭ᠂ ᠡᠴᠡᠩᠬᠡᠢ ᠶᠢ ᠮᠠᠷᠢᠶᠠᠯᠠᠭᠤᠯᠬᠤ᠂ ᠲᠠᠮᠢᠷ ᠲᠡᠩᠬᠡᠭᠡ ᠰᠡᠯᠪᠢᠨ ᠰᠢᠷ᠎ᠠ ᠶᠢ | ᠳᠠᠷᠤᠬᠤ᠂ ᠰᠢᠩᠭᠡᠭᠡᠯᠲᠡ ᠶᠢ ᠰᠠᠶᠢᠵᠢᠷᠠᠭᠤᠯᠬᠤ᠂ ᠥᠳᠬᠡᠨ ᠪᠥᠭᠡᠳ ᠰᠢᠮ᠎ᠡ ᠲᠡᠵᠢᠭᠡᠯ ᠲᠠᠢ᠂ ᠥᠯ ᠰᠠᠶᠢᠲᠠᠢ | ᠢᠳᠡᠭᠡᠨ ᠪᠣᠯᠣᠨ᠎ᠠ᠃ | ᠮᠣᠩᠭᠤᠯ ᠠᠨᠠᠭᠠᠬᠤ ᠤᠬᠠᠭᠠᠨ ᠤ ᠰᠤᠳᠤᠷ ᠲᠤ ︽ᠢᠩᠭᠡᠨ ᠦᠰᠦ᠋ ᠢᠨᠦ ᠥᠴᠥᠬᠡᠨ ᠰᠢᠷᠦᠭᠦᠨ᠂ | ᠬᠥᠩᠭᠡᠨ᠂ ᠢᠯᠴᠢᠲᠡᠢ ᠪᠥᠭᠡᠳ ᠳᠠᠪᠤᠰᠤᠯᠢᠭ᠂ ᠠᠮᠲᠠᠯᠢᠭ ᠲᠤᠯᠠ ᠬᠡᠢ᠂ ᠪᠠᠳᠬᠠᠨ᠂ ᠭᠡᠳᠡᠰᠦ ᠬᠥᠭᠡᠭᠡᠬᠦ᠂ | ᠬᠤᠷᠣᠬᠠᠢ᠂ ᠰᠤᠪᠠᠭ ᠬᠠᠪᠤᠩ᠂ ᠣᠰᠣᠨ ᠬᠠᠪᠤᠩ᠂ ᠬᠤᠰᠬᠢᠨᠠᠭ ᠤᠨ ᠡᠪᠡᠳᠴᠢᠨ ᠢ ᠠᠷᠢᠯᠭᠠᠬᠤ ᠳᠤ ᠲᠤᠰᠠᠲᠠᠢ︾ | ① ᠭᠡᠵᠦ ᠲᠡᠮᠳᠡᠭᠯᠡᠵᠦ ᠪᠠᠶᠢᠬᠤ ᠪᠠᠷ ᠪᠠᠷᠠᠬᠤ ᠦᠭᠡᠢ ᠪᠠᠰᠠ ︽ᠢᠩᠭᠡᠨ ᠦᠰᠦ᠋ ᠪᠠᠷ ᠡᠯ᠎ᠡ ᠵᠦᠢᠯ ᠤᠨ ᠤᠵᠢᠭ | ᠡᠪᠡᠳᠴᠢᠨ᠂ ᠠᠭᠤᠰᠬᠢ ᠶᠢᠨ ᠰᠦᠷᠢᠶ᠎ᠡ ᠶᠢ ᠡᠳᠡᠭᠡᠷᠡᠭᠦᠯᠦᠭᠰᠡᠭᠡᠷ ᠢᠷᠡᠪᠡ︾ ᠭᠡᠰᠡᠨ ᠲᠡᠮᠳᠡᠭᠯᠡᠯ ᠪᠤᠢ᠃ ᠨᠢᠯᠬ᠎ᠠ | ᠬᠡᠦᠬᠡᠳ ᠢ ᠪᠠᠰᠠ ᠢᠩᠭᠡᠨ ᠦᠰᠦ᠋ ᠪᠠᠷ ᠲᠡᠵᠢᠭᠡᠪᠡᠯ ᠰᠢᠩᠭᠡᠭᠡᠯᠲᠡ ᠶᠢ ᠨᠢ ᠰᠠᠶᠢᠵᠢᠷᠠᠭᠤᠯᠤᠨ ᠳᠣᠲᠣᠷ ᠤᠨ ᠠᠯᠢᠪᠠ | ᠭᠡᠮ ᠢ ᠠᠷᠢᠯᠭᠠᠨ ᠰᠢᠮ᠎ᠡ ᠲᠡᠵᠢᠭᠡᠯ ᠨᠥᠬᠦᠪᠦᠷᠢᠯᠡᠳᠡᠭ᠃ ᠡᠶᠢᠮᠦ ᠠᠴᠠ ︽ᠢᠩᠭᠡᠨ ᠦᠰᠦ᠋ ᠪᠣᠯ ᠦᠰᠦ᠋ ᠴᠣ᠋ ᠮᠥᠨ᠂ | ᠡᠮ ᠴᠣ᠋ ᠮᠥᠨ᠃ ᠡᠮ ᠡᠮ ᠳᠡᠭᠡᠨ ᠬᠥᠮᠥᠨ ᠤ ᠪᠡᠶ᠎ᠡ ᠳᠤ ᠡᠷᠳᠡᠨᠢ ᠮᠡᠲᠦ ᠴᠢᠬᠤᠯᠠ︾ ᠭᠡᠵᠦ ᠮᠠᠯᠴᠢᠳ ᠶᠠᠷᠢᠳᠠᠭ ᠨᠢ | ᠲᠠᠯᠠᠭᠠᠷ ᠪᠤᠰᠤ᠃ | ᠲᠡᠮᠡᠭᠡ ᠨᠢ ᠮᠣᠩᠭᠤᠯ ᠨᠤᠲᠤᠭ ᠲᠤ ᠴᠢᠮᠡᠭ ᠪᠣᠯᠵᠤ ᠤᠨᠤᠵᠤ ᠡᠳ᠋ᠯᠡᠬᠦ ᠳᠤ ᠬᠦᠴᠦ ᠴᠢᠳᠠᠯ ᠲᠠᠢ᠂ | ᠠᠴᠢᠵᠤ ᠬᠤᠮᠨᠣᠬᠤ ᠳᠤ ᠳᠠᠭᠠᠭᠠᠴᠠ ᠰᠠᠶᠢᠲᠠᠢ᠂ ᠭᠠᠩ ᠬᠠᠭᠤᠷᠠᠢ ᠣᠷᠴᠢᠨ ᠲᠣᠭᠤᠷᠢᠨ ᠳᠤ ᠴᠢᠳᠠᠮᠠᠭᠠᠢ ᠪᠠᠶᠢᠳᠠᠭ | ᠲᠡᠰᠪᠦᠷᠢ ᠴᠢᠳᠠᠯ ᠲᠠᠢ᠂ ᠲᠡᠩᠬᠡᠭᠡ ᠶᠡᠬᠡᠲᠡᠢ ᠣᠨᠤᠭ᠎ᠠ ᠪᠣᠯᠤᠭᠰᠠᠨ ᠠᠴᠠ ᠮᠣᠩᠭᠤᠯᠴᠤᠳ ᠤᠨ ᠨᠡᠭᠦᠵᠦ ᠰᠠᠭᠤᠬᠤ᠂ | ᠠᠶᠠᠨ ᠳᠤ ᠶᠠᠪᠤᠬᠤ ᠬᠡᠷᠡᠭᠴᠡᠭᠡ ᠳᠤ ᠰᠠᠯᠵᠤ ᠪᠣᠯᠣᠰᠢ ᠦᠭᠡᠢ ᠬᠠᠨᠢ ᠲᠦᠰᠢᠭ ᠨᠢ ᠪᠣᠯᠵᠤ ᠢᠷᠡᠵᠠᠢ᠃ | ᠨᠢᠭᠡ ᠭᠠᠷᠠᠭ ᠢᠩᠭᠡᠨ ᠦᠰᠦ᠋ ᠤᠤᠭᠤᠵᠤ ᠪᠣᠯᠣᠭᠠᠳ ᠪᠤᠴᠠᠬᠤ ᠪᠠᠷ ᠪᠣᠯᠵᠤ᠂ ᠨᠤᠲᠤᠭ ᠤᠨ ᠠᠬ᠎ᠠ | ᠳᠠᠮᠢᠰᠠᠢ ᠶᠢᠨ ᠴᠠᠶᠢᠯᠠᠯᠭ᠎ᠠ ᠳᠤ ᠰᠢᠨ᠎ᠡ ᠨᠡᠷᠡᠭᠰᠡᠨ ᠰᠠᠭᠠᠯᠢ ᠶᠢᠨ ᠠᠷᠢᠬᠢ ᠶᠢᠨ ᠬᠠᠯᠠᠭᠤᠨ ᠠᠭᠤᠷ ᠬᠠᠮᠠᠷ ᠤᠷᠤᠭᠤ | ᠴᠣᠷᠭᠢᠨ ᠬᠤᠳᠣᠭᠤᠳᠤᠨ ᠳᠤ ᠣᠷᠣᠵᠤ ᠬᠠᠯᠠᠭᠤᠮᠰᠠᠨ ᠵᠠᠮ ᠳᠤ ᠭᠠᠷᠬᠤ ᠪᠠᠷ ᠭᠠᠷᠬᠤ ᠳᠤ᠂ ᠭᠠᠵᠠᠭ᠎ᠠ ᠵᠡᠯᠡᠨ ᠳᠡᠭᠡᠨ | ᠡᠷᠭᠢᠨ ᠪᠤᠶᠢᠯᠠᠬᠤ ᠪᠣᠲᠣᠭᠤᠨ ᠪᠣᠶᠢᠯᠠᠭᠠᠨ ᠳᠤ ᠪᠣᠷᠤᠭ᠎ᠠ ᠰᠢᠪᠡᠷᠡᠨ ᠣᠷᠣᠵᠤ᠂ ᠰᠡᠳᠬᠢᠯ ᠤᠶᠠᠷᠠᠨ ᠨᠢᠳᠦ ᠵᠠᠶᠢᠷᠲᠤᠯᠠ | ᠃ | | ① ᠰ᠊ · ᠵᠠᠮᠪᠠᠯᠳᠣᠷᠵᠢ ᠶᠢᠨ ︽ᠲᠡᠮᠡᠭᠡ ᠲᠡᠭᠷᠢ ᠶᠢᠨ ᠠᠮᠢᠳᠠᠨ︾ ︵ᠺᠢᠷᠢᠯ᠂ ᠤᠯᠠᠭᠠᠨᠪᠠᠭᠠᠲᠤᠷ᠂ | 1997 ᠣᠨ︶ ᠨᠣᠮ ᠤᠨ 46 ᠳ᠋ᠤᠭᠠᠷ ᠨᠢᠭᠤᠷ ᠲᠤ᠃ |