| ᠳ᠋᠊ · ᠭᠤᠪᠢ | | - ᠠᠪᠤ ᠬᠥᠮᠥᠨ ᠪᠠᠶᠢᠮᠠᠨᠵᠢᠨ ᠣᠷᠴᠢᠯᠠᠩ ᠳᠤ | ᠭᠤᠮᠣᠳᠠᠬᠤ ᠡᠷᠬᠡ ᠲᠠᠢ ᠪᠣᠯᠤᠭᠰᠠᠨ | | ᠠᠪᠤ ᠳᠠᠭᠠᠨ ᠪᠤᠣ ᠭᠤᠮᠣᠳᠠ ᠳᠡᠭᠦᠦ ᠮᠢᠨᠢ | ᠠᠮᠠᠭᠠᠢ ᠨᠢ ᠠᠯᠳᠠᠷᠠᠭᠰᠠᠨ ᠭᠦᠯᠥᠭ ᠰᠢᠭ | ᠠᠭᠠᠭ ᠲᠠᠢ ᠵᠠᠯᠠᠭᠤ ᠨᠠᠰᠤ ᠶᠢ ᠬᠡᠨ ᠴᠤ ᠭᠡᠳ ᠲᠤᠭᠤᠯᠳᠠᠭ ᠶᠤᠮ | ᠠᠯᠳᠠᠵᠤ ᠣᠨᠤᠬᠤ ᠶᠢᠨ ᠲᠣᠭᠠᠯᠠᠩ ᠳᠡᠭᠡᠷ᠎ᠡ | ᠠᠨᠳᠠᠭᠤᠷᠠᠵᠤ ᠰᠣᠩᠭᠤᠬᠤ ᠵᠠᠮ ᠭᠡᠵᠦ ᠪᠠᠶᠢᠳᠠᠭ ᠶᠤᠮ | ᠠᠯᠢ ᠨᠢᠭᠡᠨ ᠴᠠᠭ ᠤᠨ ᠬᠠᠯᠠᠮᠴᠠᠭᠤ ᠪᠠᠷ | ᠠᠩᠭ᠎ᠠ ᠴᠢᠮᠠᠶᠢ ᠭᠡᠨᠡᠬᠡᠨ ᠭᠤᠮᠣᠳᠠᠭᠠᠭᠰᠠᠨ ᠪᠠᠶᠢᠵᠤ ᠮᠠᠭᠠᠳ | ᠠᠷᠭᠠᠮᠵᠢᠶ᠎ᠠ ᠨᠢ ᠲᠠᠰᠤᠷᠠᠬᠰᠠᠠ ᠶᠡᠭᠡ ᠬᠠᠶᠢᠷ᠎ᠠ ᠶᠢᠨ ᠴᠠᠭᠠᠨ᠎ᠠ | ᠠᠩᠬ᠎ᠠ ᠴᠢᠮᠠᠶᠢ ᠬᠠᠶᠢᠷᠠᠯᠠᠨ ᠦᠨᠦᠰᠴᠦ ᠪᠠᠶᠢᠭᠰᠠᠨ ᠢ ᠨᠢ ᠪᠤᠳᠣ | ᠠᠪᠤ ᠳᠠᠭᠠᠨ ᠪᠤᠣ ᠭᠤᠮᠣᠳᠠ ᠡ᠊ᠩᠭᠦᠷᠡᠢ ᠮᠢᠨᠢ | ᠥᠬᠢᠨ ᠦᠷ᠎ᠡ ᠲᠠᠢ ᠪᠣᠯᠣᠯ᠎ᠠ ᠭᠡᠳ | ᠣᠷᠴᠢᠯᠠᠩ ᠢ ᠠᠭᠤᠰᠲᠠᠯ᠎ᠠ ᠨᠢ ᠬᠠᠶᠢᠯᠵᠤ ᠪᠠᠶᠢᠭᠰᠠᠨ ᠢ ᠨᠢ ᠰᠠᠨᠠ | ᠥᠪᠡᠷ ᠠᠴᠠ ᠪᠠᠨ ᠢᠯᠡᠭᠦᠦ ᠨᠢᠭᠡ ᠠᠮᠢ ᠲᠠᠢ ᠪᠣᠯᠣᠯ᠎ᠠ ᠭᠡᠳ | ᠤᠷᠤᠰᠬᠠᠯ ᠬᠠᠷ᠎ᠠ ᠭᠡᠵᠢᠭᠡ ᠶᠢ ᠴᠢᠨᠢ ᠤᠶᠠᠷᠠᠨ ᠰᠠᠮᠨᠠᠵᠤ ᠪᠠᠶᠢᠭᠰᠠᠨ ᠢ ᠨᠢ ᠪᠤᠣ ᠮᠠᠷᠲᠠ | ᠦᠭᠡ ᠭᠡᠯᠡ ᠪᠠᠷ ᠥᠷᠭᠡᠰᠦ ᠰᠢᠭ ᠬᠠᠳᠬᠤᠭᠰᠠᠨ ᠡᠨᠡ ᠴᠠᠭ ᠲᠤ | ᠦᠨᠡᠨ ᠬᠤᠳᠠᠯ ᠤᠨ ᠵᠠᠭᠠᠭ ᠨᠢ ᠲᠣᠳᠣᠷᠬᠠᠢ ᠦᠭᠡᠢ | ᠥᠩᠭᠡᠷᠡᠭᠰᠡᠨ ᠲᠡᠦᠬᠡ ᠶᠢᠨ ᠠᠯᠳᠠᠭ᠎ᠠ ᠤᠨᠤᠭ᠎ᠠ ᠶᠢ | ᠥᠭᠡᠷᠡᠴᠢᠯᠡᠵᠦ ᠪᠢᠴᠢᠬᠦ ᠠᠷᠭ᠎ᠠ ᠪᠠᠶᠢᠳᠠᠭ ᠦᠭᠡᠢ | ᠠᠪᠤ ᠳᠠᠭᠠᠨ ᠪᠤᠣ ᠭᠤᠮᠣᠳᠠ ᠪᠤᠯᠪᠠᠷᠠᠢ ᠮᠢᠨᠢ | ᠴᠡᠯ ᠵᠠᠯᠠᠭᠤ ᠨᠠᠰᠤᠡ ᠳᠠᠭᠠᠨ ᠡᠵᠢ ᠶᠢ ᠴᠢᠨᠢ ᠡ᠊ᠩᠭᠦᠷᠡᠶᠢᠯᠡᠵᠦ | ᠴᠡᠴᠡᠭ ᠰᠢᠭ ᠬᠥᠭᠡᠷᠦᠬᠦᠨ ᠴᠢ ᠰᠣᠶᠣᠭᠠᠯᠠᠭᠰᠠᠨ ᠶᠤᠮ | ᠴᠠᠬᠢᠯᠳᠠᠭ ᠭᠦᠷᠦᠵᠦ ᠵᠡᠭᠦᠯᠭᠡᠨ ᠬᠠᠶᠢᠷ᠎ᠠ ᠳᠠᠭᠠᠨ ᠰᠢᠲᠠᠵᠤ | ᠴᠠᠭ ᠬᠤᠭᠤᠴᠠᠭ᠎ᠠ ᠶᠢ ᠤᠮᠠᠷᠲᠠᠨ ᠨᠢᠯᠬᠠᠷᠠᠵᠤ ᠪᠠᠶᠢᠭᠰᠠᠨ ᠶᠤᠮ | ᠬᠠᠷᠠᠴᠠ ᠮᠡᠬᠡᠯᠡᠭᠰᠡᠨ ᠭᠠᠨᠳᠠᠷᠢᠰᠤᠡ ᠪᠠᠯᠭᠠᠰᠤ ᠰᠢᠭ᠋ | ᠬᠠᠶᠢᠷ᠎ᠠ ᠳᠤᠷᠠᠯᠠᠯ ᠭᠡᠵᠦ ᠬᠤᠪ ᠬᠤᠭᠤᠰᠤᠨ | ᠬᠠᠭᠠᠨ ᠬᠠᠷᠠᠴᠤ ᠭᠡᠵᠦ ᠢᠯᠭᠠᠯ ᠦᠭᠡᠢ | ᠦᠬᠦᠵᠦ ᠲᠦᠷᠦᠭᠦ ᠯᠡ ᠥᠪ ᠦᠨᠡᠨ | ᠠᠪᠤ ᠳᠠᠭᠠᠨ ᠪᠤᠤ ᠭᠤᠮᠣᠳᠠᠭᠠᠷᠠᠢ ᠠᠯᠳᠠᠷᠠᠢ ᠮᠢᠨᠢ | ᠡᠭᠡᠯ ᠤᠨ ᠡᠭᠡᠯ ᠠᠪᠤ ᠴᠢᠨᠢ | ᠡᠷ᠎ᠡ ᠶᠢᠨ ᠲᠡᠭᠷᠢ ᠪᠠᠶᠢᠭᠰᠠᠨ ᠭᠡᠵᠦ ᠰᠠᠨᠠᠭᠠᠷᠠᠢ | ᠡᠷᠭᠢᠵᠦ ᠪᠤᠴᠠᠬᠤ ᠦᠭᠡᠢ ᠬᠥᠮᠥᠨ ᠤ ᠬᠤᠷᠸ᠎ᠠ ᠳᠤ | ᠡᠷᠬᠡᠯᠡᠵᠦ ᠡᠪᠦᠷ ᠲᠤᠨᠢ ᠵᠢᠷᠭᠠᠵᠤ ᠪᠠᠶᠢᠭᠰᠠᠨ ᠢᠶᠠᠨ ᠪᠤᠳᠤᠭᠠᠷᠠᠢ | ᠮᠢᠩᠭᠠᠨ ᠵᠤᠯᠠ ᠶᠢᠨ ᠭᠡᠷᠡᠯ ᠪᠤᠷᠬᠠᠨ ᠤ ᠣᠷᠣᠨ ᠢ ᠭᠡᠶᠢᠭᠦᠯᠦᠨ᠎ᠡ | ᠨᠢᠭᠦᠯᠡᠰᠦᠩᠭᠦᠢ ᠶᠢᠨ ᠰᠡᠳᠬᠢᠯ ᠳᠤ ᠳ᠋ᠧᠪᠡᠵᠡᠨ ᠤ ᠬᠠᠭᠠᠯᠭ᠎ᠠ ᠨᠡᠭᠡᠭᠡᠭᠳᠡᠨ᠎ᠡ | ᠠᠪᠤ ᠨᠢ ᠡᠵᠢ ᠳᠤᠨᠢ ᠠᠯᠮᠠᠰ ᠪᠦᠯᠡᠵᠡᠭ ᠵᠡᠭᠦᠯᠭᠡᠨ᠎ᠡ | ᠠᠭᠤᠴᠢᠯᠠᠯ ᠤᠨ ᠠᠯᠲᠠᠠ ᠭᠡᠭᠡ ᠵᠢᠷᠦᠬᠡ ᠶᠢ ᠭᠡᠷᠡᠯᠳᠦᠭᠦᠯᠦᠨ᠎ᠡ᠁ | ᠠᠪᠤ ᠳᠠᠭᠠᠨ ᠪᠤᠤ ᠭᠤᠮᠣᠳᠠᠭᠠᠷᠠᠢ︕ |