ᠴᠠᠭᠠᠨᠴᠢᠯᠠᠭᠤ᠄ ᠠᠶᠠᠯᠭᠤᠯᠤᠨ ᠳᠠᠭᠤᠯᠠᠬᠤ ᠠᠷᠠᠳ ᠤᠨ ᠳᠠᠭᠤᠤ ᠪᠣᠯ ᠠᠯᠠᠭ ᠵᠢᠷᠦᠬᠡᠨ ᠪ᠊ ᠮᠢᠨᠢ ᠠᠮᠢᠨ ᠡᠷᠳᠡᠨᠢ
ᠨᠡᠶᠢᠲᠡᠯᠡᠭᠰᠡᠨ ᠴᠠᠭ᠄
2024/12/30
                         ● ᠳᠠᠪᠰᠢᠯᠲᠤ᠂ ᠡᠷᠳᠡᠨᠢᠬᠦᠦ            ᠦᠦᠷ ᠤᠨ ᠰᠤᠮᠤᠨ ᠭᠡᠭᠡ ᠲᠠᠲᠠᠬᠤ ᠳᠤ ᠭᠡᠷ ᠤᠨ ᠬᠤᠶᠢᠮᠤᠷ ᠲᠤ ᠬᠠᠷᠬᠠᠶᠢᠯᠴᠠᠵᠤ ᠰᠠᠭᠤᠭᠰᠠᠨ ᠡᠪᠦᠭᠡᠳ ᠤᠷᠳᠤ ᠶᠢᠨ ᠳᠠᠭᠤᠤ ᠶᠢ ᠳᠠᠪᠲᠠᠬᠤ ᠦᠭᠡᠢ ᠬᠠᠩᠭᠢᠨᠠᠭᠤᠯᠤᠭᠰᠠᠭᠠᠷ ᠁              ᠤᠷᠳᠤ ᠶᠢᠨ ᠳᠠᠭᠤᠤ ᠶᠢᠨ ᠤᠶᠠᠩᠭᠠᠨ ᠡᠭᠡᠰᠢᠭ ᠲᠤ ᠪᠦᠪᠡᠶᠢᠯᠡᠭᠳᠡᠨ ᠠᠪᠤ ᠶᠢᠨ ᠢᠶᠠᠨ ᠡᠪᠦᠷ ᠳᠡᠭᠡᠷ᠎ᠡ ᠦᠷᠭᠡᠯᠡᠭᠰᠡᠨ ᠴᠠᠭᠠᠨᠴᠢᠯᠠᠭᠤ ᠨᠠᠶᠢᠷ ᠤᠨ ᠳᠠᠭᠤᠤ ᠶᠢᠨ ᠲᠣᠷᠭᠠᠨ ᠨᠤᠭᠤᠯᠤᠭᠠᠨ ᠳᠤᠨᠢ ᠰᠣᠨᠢᠷᠬᠠᠯ ᠲᠥᠷᠥᠵᠤ ᠨᠣᠶᠢᠷ ᠎ ᠠᠴᠠ ᠪᠠᠨ ᠰᠡᠷᠢᠭᠡᠳ ᠨᠠᠮ ᠴᠢᠩᠨᠠᠵᠤ ᠰᠠᠭᠤᠨ᠎ᠠ᠃ ᠡᠨᠡ ᠪᠣᠯ ᠠᠷᠭ᠎ᠠ ᠦᠭᠡᠢ ᠴᠠᠭᠠᠨᠴᠢᠯᠠᠭᠤ ᠶᠢ ᠠᠷᠠᠳ ᠤᠨ ᠳᠠᠭᠤᠤ ᠤᠷᠤᠭᠤ ᠬᠥᠲᠥᠯᠥᠭᠰᠡᠨ ᠤᠨᠠᠭᠠᠨ ᠨᠠᠰᠤᠨ ᠤ ᠣᠷᠴᠢᠨ ᠪᠢᠯᠡ᠃ ᠲᠡᠭᠦᠨ ᠤ ᠪᠠᠭ᠎ᠠ ᠶᠢᠨ ᠦᠶ᠎ᠡ ᠳᠤ ᠬᠥᠳᠡᠭᠡ ᠨᠤᠲᠤᠭ ᠢᠶᠠᠷ ᠨᠠᠮᠤᠷ ᠤᠨ ᠲᠠᠯᠠᠯᠭ᠎ᠠ᠂ ᠰᠢᠨ᠎ᠡ ᠶᠢᠨ ᠴᠠᠢ᠂ ᠬᠤᠷᠢᠮ ᠨᠠᠶᠢᠷ ᠭᠡᠳ ᠨᠤᠲᠤᠭ ᠤᠰᠤᠨ ᠤ ᠬᠢᠨ ᠠᠶᠢᠯ ᠠᠶᠢᠮᠠᠭ ᠢᠶᠠᠷ ᠢᠶᠠᠨ ᠦᠦᠷ ᠮᠠᠩᠬᠠᠶᠢᠲᠠᠯ᠎ᠠ ᠤᠷᠳᠤ ᠶᠢᠨ ᠳᠠᠭᠤᠤ ᠠᠶᠠᠯᠵᠤ ᠰᠠᠭᠤᠳᠠᠭ ᠨᠠᠶᠢᠷ ᠤᠨ ᠴᠡᠩᠭᠡᠯᠭᠡ ᠎ ᠲᠠᠢ ᠰᠠᠶᠢᠬᠠᠨ ᠴᠠᠭ ᠪᠠᠶᠢᠯ᠎ᠠ᠃              ᠤᠷᠳᠤ ᠶᠢᠨ ᠳᠠᠭᠤᠤ ᠶᠢᠨ ᠲᠠᠯᠠᠢ ᠪᠠᠶᠠᠨ ᠰᠠᠩ ᠪᠣᠯᠤᠭᠰᠠᠨ ᠡᠪᠦᠭᠡᠳ ᠤᠨ ᠴᠡᠭᠡᠵᠢᠨ ᠠᠴᠠ ᠬᠡᠦᠬᠡᠳ ᠨᠠᠰᠤᠨ ᠤ ᠴᠠᠭᠠᠨᠴᠢᠯᠠᠭᠤ ︽ᠠᠷᠤ ᠰᠢᠯᠢ ᠪᠠᠷ ᠭᠦᠶᠦᠳᠡᠭ ᠠᠯᠳᠠᠨ ᠲᠡᠯ ᠲᠠᠢ ᠰᠢᠷᠭ᠎ᠠ︾᠂ ︽ᠭᠤᠷᠪᠠᠨ ᠵᠠᠭᠤᠨ ᠵᠢᠷᠠᠨ ᠭᠥᠷᠥᠭᠡᠰᠦ︾ ᠮᠡᠲᠦ ᠶᠢᠨ ᠤᠯᠠᠨ ᠰᠠᠶᠢᠬᠠᠨ ᠠᠯᠠᠱᠠ ᠠᠷᠠᠳ ᠤᠨ ᠳᠠᠭᠤᠤ ᠶᠢ ᠠᠯᠢ ᠡᠷᠲᠡ ᠳᠠᠭᠤᠯᠠᠵᠤ ᠰᠤᠷᠤᠬᠰᠠᠨ ᠢᠶᠠᠷ ᠪᠠᠷᠠᠬᠤ ᠦᠭᠡᠢ ᠵᠣᠬᠢᠶᠠᠨ ᠪᠦᠲᠦᠭᠡᠭᠳᠡᠭᠰᠡᠨ ᠤᠴᠢᠷ ᠤᠳᠬ᠎ᠠ᠂ ᠥᠯᠢᠭᠡᠷ ᠲᠤᠮᠤᠭ ᠢ ᠠᠪᠤ ᠡᠵᠢ᠂ ᠠᠬᠠᠮᠠᠳ ᠲᠣᠮᠣᠭᠠᠲᠠᠳ ᠠᠴᠠ ᠰᠣᠨᠣᠰᠴᠤ ᠪᠠᠶᠢᠪᠠ᠃ ᠴᠠᠭᠠᠨᠴᠢᠯᠠᠭᠤ ᠶᠢᠨ ᠠᠪᠤ ᠨᠢ ᠰᠤᠨᠤᠮᠵᠠᠮᠰᠤ ᠭᠡᠭᠴᠢ ᠪᠠᠭ ᠤᠨ ᠳᠠᠭᠠᠭᠠᠮᠠᠯ ᠤᠨ ᠠᠯᠪᠠ ᠲᠤᠰᠢᠶᠠᠯ ᠲᠠᠢ ᠮᠥᠷᠲᠡᠭᠡᠨ ᠥᠷᠭᠦᠯᠵᠢ ᠬᠤᠷᠢᠮ ᠤᠨ ᠠᠬᠠᠯᠠᠭᠴᠢ᠂ ᠨᠠᠶᠢᠷ ᠤᠨ ᠳᠠᠭᠤᠴᠢᠨ ᠎ ᠢᠶᠠᠷ ᠵᠠᠯᠠᠭᠳᠠᠳᠠᠭ ᠳᠠᠭᠤᠴᠢᠨ ᠬᠥᠮᠥᠨ᠂ ᠡᠵᠢ ᠨᠢ ᠱᠠᠯᠴᠢᠭᠠᠷ ᠭᠡᠭᠴᠢ ᠬᠤᠷᠢᠮ ᠤᠨ ᠪᠡᠷᠭᠡᠨ᠂ ᠨᠠᠶᠢᠷ ᠤᠨ ᠳᠠᠭᠤᠴᠢᠨ ᠢᠶᠠᠷ ᠵᠠᠯᠠᠭᠳᠠᠬᠤ ᠠᠴᠠ ᠭᠠᠳᠠᠨ᠎ᠠ ᠥᠢᠯᠠ ᠤᠲᠠᠰᠤᠨ ᠤ ᠠᠵᠢᠯ ᠳᠤ ᠰᠠᠶᠢᠨ᠂ ᠦᠷ᠎ᠡ ᠬᠡᠦᠬᠡᠳ ᠢᠶᠠᠨ ᠦᠯᠢᠭᠡᠷᠯᠡᠵᠦ ᠰᠤᠷᠭᠠᠳᠠᠭ ᠠᠭᠤᠤ ᠶᠡᠭᠡ ᠡᠵᠢ ᠬᠥᠮᠥᠨ ᠪᠠᠶᠢᠭᠰᠠᠨ ᠭᠡᠨ᠎ᠡ᠃              ︽ᠮᠠᠨ ᠪ᠊ ᠬᠤᠶᠠᠷ ᠪᠤᠭᠤᠷᠤᠯ ᠪᠣᠯ ᠤᠤᠯ ᠤᠨ ᠠᠯᠠᠱᠠ ᠬᠤᠱᠣᠳ ᠬᠤᠰᠢᠭᠤᠨ ᠤ ᠲᠤᠩᠬᠤ ᠶᠢᠨ ᠪᠠᠭ ᠎ ᠤᠨ ᠲᠡᠮᠡᠭᠡᠨ ᠠᠭᠤᠯᠠ ᠭᠠᠴᠠᠭᠠᠨ ᠪ᠊ ᠡᠪᠦᠳᠦᠭ ᠤᠨ ᠬᠤᠳᠳᠤᠭ ᠭᠡᠳᠡᠭ ᠭᠠᠵᠠᠷ ᠲᠤ ᠲᠠᠪᠤᠨ ᠬᠤᠰᠢᠭᠤ ᠮᠠᠯ ᠢᠶᠠᠨ ᠮᠠᠯᠵᠢᠵᠤ ᠰᠠᠭᠤᠳᠠᠭ ᠪᠠᠶᠢᠯ᠎ᠠ᠃ ᠠᠪᠤ ᠡᠵᠢ ᠬᠤᠶᠠᠭᠤᠯᠠ ᠪᠠᠨ ᠳᠠᠭᠤᠤ ᠰᠠᠶᠢᠬᠠᠨ ᠳᠠᠭᠤᠯᠠᠨ᠎ᠠ᠃ ᠪᠠᠰᠠ ᠬᠡᠳᠦᠨ ᠵᠠᠭᠤᠨ ᠳᠠᠭᠤᠤ ᠮᠡᠳᠡᠨ᠎ᠡ᠃ ᠲᠡᠭᠡᠭᠡᠳ ᠪᠢ ᠤᠬᠠᠭ᠎ᠠ ᠣᠷᠣᠭᠰᠠᠨ ᠴᠠᠭ ᠠᠴᠠ ᠠᠪᠤ ᠡᠵᠢ ᠪᠣᠯᠣᠨ ᠠᠬᠠᠮᠠᠳ ᠪᠤᠭᠤᠷᠤᠯᠴᠤᠳ ᠤᠨ ᠳᠠᠭᠤᠯᠠᠬᠤ ᠶᠢ ᠰᠣᠨᠣᠰᠴᠤ ᠥᠰᠦᠭᠰᠡᠨ ᠬᠡᠦᠬᠡᠳ ᠶᠤᠮ᠃ ᠪᠠᠷᠤᠭ ᠯᠠ ᠲᠥᠷᠪᠡᠨ ᠨᠠᠰᠤᠲᠠᠢ ᠎ ᠠᠴᠠ ᠪᠠᠨ ᠠᠪᠤ ᠡᠵᠢ ᠪᠠᠨ ᠲᠠᠭᠠᠵᠤ ᠨᠠᠶᠢᠷ ᠲᠤ ᠶᠠᠪᠤᠭᠠᠳ ᠨᠠᠶᠢᠷ ᠤᠨ ᠳᠠᠭᠤᠤ ᠶᠢ ᠰᠣᠨᠣᠰᠴᠤ ᠰᠤᠷᠴᠤ ᠡᠬᠢᠯᠡᠭᠰᠡᠨ ᠶᠤᠮ᠃ ᠥᠰᠬᠦ ᠨᠠᠰᠤᠨ ᠪ᠊ ᠣᠷᠴᠢᠨ ᠲᠣᠭᠤᠷᠢᠨ᠂ ᠭᠡᠷ ᠤᠨ ᠬᠥᠮᠦᠵᠢᠯ ᠤᠨ ᠨᠥᠯᠥᠭᠡ ᠪᠠᠷ ᠤᠳᠤ ᠪᠤᠯᠳᠠᠯ᠎ᠠ ᠠᠷᠠᠳ ᠎ ᠤᠨ ᠳᠠᠭᠤᠤ ᠪᠠᠨ ᠠᠮᠢᠨᠴᠢᠯᠠᠨ ᠳᠡᠭᠡᠳᠦᠯᠡᠵᠦ᠂ ᠦᠷ᠎ᠡ ᠬᠤᠶᠢᠴᠢᠰ ᠲᠠᠭᠠᠨ ᠤᠯᠠᠮᠵᠢᠯᠠᠨ ᠵᠢᠭᠠᠵᠤ ᠶᠠᠪᠤᠭ᠎ᠠ ᠨᠢ ᠡᠨᠡ ᠪᠢᠯᠡ᠃ ᠳᠤᠷ᠎ᠠ ᠰᠣᠨᠢᠷᠬᠠᠯ᠂ ᠬᠦᠰᠡᠯ ᠬᠥᠭᠡᠭᠡᠴᠡᠯᠳᠦᠯ᠂ ᠬᠠᠷᠠᠯᠲᠠ ᠲᠡᠮᠡᠴᠡᠯ ᠢᠶᠠᠨ ᠪᠡᠶᠡᠯᠡᠭᠦᠯᠬᠦ ᠪᠠᠷ ᠤᠳᠤ ᠪᠤᠯᠳᠠᠯ᠎ᠠ ᠴᠢᠷᠮᠠᠶᠢᠵᠤ ᠪᠠᠶᠢᠨ᠎ᠠ᠂ ᠨᠠᠰᠤ ᠥᠲᠡᠯᠵᠦ ᠪᠠᠶᠢᠪᠠᠴᠤ ᠦᠢᠯᠡᠰ ᠤᠨ ᠨᠠᠷᠠ ᠵᠠᠯᠠᠭᠤ ᠪᠠᠶᠢᠨ᠎ᠠ᠃ ᠴᠢᠳᠠᠬᠤ ᠶᠢᠨ ᠬᠢᠷᠢ ᠪᠠᠷ ᠢᠶᠠᠨ ᠠᠯᠠᠱᠠ ᠠᠷᠠᠳ ᠤᠨ ᠳᠠᠭᠤᠤ ᠶᠢᠨ ᠦᠢᠯᠡᠰ ᠪᠣᠯᠣᠨ ᠭᠡᠷ ᠤᠨ ᠬᠥᠮᠦᠵᠢᠯ ᠤᠨ ᠲᠤᠬᠠᠢ ᠪᠠᠭ᠎ᠠ ᠰᠠᠭ᠎ᠠ ᠎ ᠶᠢ ᠪᠦᠲᠦᠭᠡᠬᠦ ᠰᠠᠨᠠᠭ᠎ᠠ ᠲᠠᠢ︾ ᠭᠡᠵᠦ ᠴᠠᠭᠠᠨᠴᠢᠯᠠᠭᠤ ᠭᠤᠸᠠᠢ ᠠᠷᠠᠳ ᠤᠨ ᠳᠠᠭᠤᠤ ᠲᠠᠢ ᠬᠤᠪᠢ ᠪᠠᠷᠢᠯᠳᠤᠯᠭ᠎ᠠ ᠲᠠᠢ ᠪᠣᠯᠤᠭᠰᠠᠨ ᠲᠤᠬᠠᠢ ᠪᠠᠨ ᠶᠠᠷᠢᠵᠤ ᠪᠠᠶᠢᠯ᠎ᠠ᠃              ᠴᠠᠭᠠᠨᠴᠢᠯᠠᠭᠤ ᠪᠣᠯ ᠡᠬᠡ ᠤᠯᠤᠰ ᠲᠠᠢ ᠪᠠᠨ ᠨᠠᠰᠤ ᠰᠠᠴᠠᠭᠤ ᠬᠥᠮᠥᠨ᠃ ᠲᠡᠭᠦᠨ ᠢ ᠥᠰᠴᠦ ᠲᠤᠮᠤᠵᠢᠭᠠᠳ ᠪᠢᠴᠢᠭ ᠰᠣᠶᠣᠯ ᠤᠨ ᠮᠥᠷ ᠬᠥᠭᠡᠭᠡᠵᠦ᠂ ᠰᠤᠷᠭᠠᠭᠤᠯᠢ ᠶᠢᠨ ᠠᠯᠳᠠᠨ ᠪᠣᠱᠤᠭ᠎ᠠ ᠪᠠᠷ ᠠᠯᠬᠤᠬᠤ ᠨᠠᠰᠤᠨ ᠳᠤ ᠬᠦᠷᠬᠦ ᠦᠶᠡᠰ ᠴᠠᠭ ᠲᠥᠷᠤ ᠶᠢᠨ ᠰᠢᠯᠲᠠᠭᠠᠨ ᠠᠴᠠ ᠪᠣᠯᠣᠭᠠᠳ ᠡᠷᠳᠡᠮ ᠨᠣᠮ ᠤᠨ ᠮᠥᠷ ᠬᠥᠭᠡᠭᠡᠬᠦ ᠵᠠᠪᠰᠢᠶᠠᠨ ᠢᠶᠠᠨ ᠠᠯᠳᠠᠭᠰᠠᠨ ᠪᠣᠯᠬᠤᠷ ᠵᠠᠯᠠᠭᠤ ᠪᠠᠭ᠎ᠠ ᠠᠴᠠ ᠪᠠᠨ ᠨᠡᠶᠢᠭᠡᠮ ᠳᠡᠭᠡᠷ᠎ᠡ ᠭᠠᠷᠴᠤ᠂ ᠤᠷᠢᠳ ᠬᠤᠵᠢᠳ ᠪᠠᠷᠢᠭᠠᠳᠠ ᠶᠢᠨ ᠠᠵᠢᠯ ᠭᠦᠳᠡᠯᠮᠤᠷᠢ ᠳᠤ ᠤᠷᠤᠯᠴᠠᠵᠤ᠂ ᠬᠠᠩᠭᠠᠨ ᠪᠣᠷᠣᠯᠠᠭᠤᠯᠬᠤ ᠬᠤᠷᠰᠢᠶᠠᠨ ᠳᠤ ᠠᠵᠢᠯᠯᠠᠵᠤ᠂ ᠰᠤᠮᠤᠨ ᠪ᠊ ᠰᠤᠷᠭᠠᠭᠤᠯᠢ ᠶᠢᠨ ᠠᠷᠤ ᠦᠢᠯᠡᠴᠢᠯᠡᠭᠡᠨ ᠤ ᠠᠵᠢᠯ ᠬᠢᠵᠦ᠂ ᠰᠢᠨᠬᠤᠸᠠ ᠨᠣᠮ ᠤᠨ ᠳᠡᠯᠭᠡᠭᠦᠷ ᠪᠣᠯᠣᠨ ᠠᠯᠠᠱᠠ ᠠᠶᠢᠮᠠᠭ ᠤᠨ ᠨᠣᠮ ᠤᠨ ᠰᠠᠩ ᠳᠤ ᠠᠵᠢᠯᠯᠠᠵᠤ ᠶᠠᠪᠤᠬᠤ ᠳᠠᠭᠠᠨ ᠥᠪᠡᠷ ᠤᠨ ᠰᠢᠨᠲᠠᠷᠠᠰᠢ ᠦᠭᠡᠢ ᠴᠢᠷᠮᠠᠶᠢᠯᠭ᠎ᠠ ᠪᠠᠷ ᠢᠶᠠᠨ ᠲᠠᠮᠵᠢᠨ ᠥᠷᠭᠡᠨ ᠬᠦᠷᠢᠶᠡᠨ ᠤ ᠮᠡᠳᠡᠯᠭᠡ ᠮᠡᠳᠡᠴᠡ ᠶᠢ ᠰᠤᠷᠴᠤ ᠡᠵᠡᠮᠰᠢᠭᠰᠡᠨ ᠬᠥᠮᠥᠨ ᠶᠤᠮ ᠃              ᠲᠡᠷᠡ 1980 ᠣᠨ ᠳᠤ ᠠᠯᠠᠱᠠ ᠵᠡᠭᠦᠨ ᠬᠤᠰᠢᠭᠤᠨ ᠪ᠊ ᠰᠢᠨᠬᠤᠸᠠ ᠨᠣᠮ ᠤᠨ ᠳᠡᠯᠭᠡᠭᠦᠷ ᠲᠤ ᠣᠴᠢᠵᠤ ᠠᠵᠢᠯᠯᠠᠭᠰᠠᠨ ᠪ᠊ ᠲᠠᠷᠠᠭ᠎ᠠ ᠡᠳᠦᠷᠵᠢᠨ ᠨᠣᠮ ᠰᠤᠳᠤᠷ ᠲᠠᠢ ᠥᠢᠷᠠᠳᠴᠤ᠂ ᠥᠰᠥᠭ ᠪᠢᠴᠢᠭ ᠤᠨ ᠠᠵᠢᠯ ᠬᠢᠬᠦ ᠲᠤᠬᠠᠶᠢᠯᠠᠭᠰᠠᠨ ᠠᠵᠢᠯ ᠤᠨ ᠱᠠᠭᠠᠷᠳᠠᠯᠭ᠎ᠠ ᠠᠴᠠ ᠪᠠᠨ ᠪᠣᠯᠣᠭᠠᠳ ᠨᠣᠮ ᠦᠵᠡᠬᠦ᠂ ᠪᠢᠴᠢᠭ ᠰᠤᠷᠬᠤ ᠴᠢᠬᠤᠯᠠ ᠎ ᠲᠠᠢ ᠪᠣᠯᠵᠤ᠂ ᠰᠢᠨᠬᠤᠸᠠ ᠲᠣᠯᠢ ᠪᠠᠷ ᠪᠠᠭᠰᠢ ᠪᠣᠯᠭᠠᠨ ᠲᠠᠨᠢᠬᠤ ᠦᠭᠡᠢ ᠥᠰᠥᠭ ᠢᠶᠠᠨ ᠪᠡᠯᠡᠨ ᠳᠣᠣᠷ᠎ᠠ ᠨᠢ ᠲᠣᠯᠢ ᠪᠢᠴᠢᠭ ᠠᠴᠠ ᠡᠷᠢᠭᠡᠳ ᠲᠠᠨᠢᠵᠤ ᠠᠪᠬᠤ ᠪᠠᠷ ᠪᠠᠷᠠᠬᠤ ᠦᠭᠡᠢ ᠪᠢᠴᠢᠵᠦ ᠰᠤᠷᠳᠠᠭ ᠵᠠᠩᠰᠢᠯ ᠲᠠᠢ ᠪᠣᠯᠵᠠᠢ᠃ ᠴᠠᠭᠠᠨᠴᠢᠯᠠᠭᠤ᠂ ᠲᠡᠷᠡ ᠦᠶ᠎ᠡ ᠳᠤ ᠪᠢ ᠲᠤᠭ᠎ᠠ ᠲᠠᠢ ᠬᠡᠳᠦᠬᠡᠨ ᠬᠢᠲᠠᠳ ᠥᠰᠥᠭ ᠲᠠᠨᠢᠨ᠎ᠠ᠃ ᠲᠡᠭᠡᠭᠡᠳ ᠬᠠᠮᠲᠤ ᠠᠵᠢᠯᠲᠠᠨ ᠠᠴᠠ ᠪᠠᠨ ᠶᠡᠭᠡ ᠯᠠ ᠢᠴᠢᠳᠡᠭ ᠪᠠᠶᠢᠯ᠎ᠠ᠃ ᠪᠤᠰᠤᠳ ᠠᠴᠠ ᠬᠤᠵᠢᠭᠳᠠᠬᠤ ᠦᠭᠡᠢ ᠶᠢᠨ ᠲᠥᠯᠥᠭᠡ ᠠᠵᠢᠯ ᠎ ᠤᠨ ᠴᠢᠯᠦᠭᠡ ᠪᠠᠷ ᠢᠶᠠᠨ ᠨᠣᠮ ᠰᠠᠶᠢᠨ ᠦᠵᠡᠨ᠎ᠡ᠂ ᠰᠤᠸᠠᠮᠫᠠᠨ ᠪᠣᠳᠣᠯᠭ᠎ᠠ ᠰᠤᠷᠤᠨ᠎ᠠ᠂ ᠥᠰᠥᠭ ᠴᠡᠭᠡᠵᠢᠯᠡᠨ᠎ᠡ᠃ ᠮᠢᠨᠤ ᠪᠠᠭᠰᠢ ᠪᠣᠯ ᠰᠢᠨᠬᠤᠸᠠ ᠲᠣᠯᠢ ᠶᠤᠮ᠃ ᠲᠤᠬᠠᠢ ᠶᠢᠨ ᠦᠶ᠎ᠡ ᠶᠢᠨ ᠴᠢᠷᠮᠠᠶᠢᠯᠭ᠎ᠠ ᠨᠢ ᠮᠢᠨᠤ ᠬᠤᠵᠢᠮ ᠤᠨ ᠠᠵᠢᠯ ᠳᠤ ᠮᠠᠰᠢ ᠶᠡᠭᠡ ᠲᠤᠰᠠ ᠪᠣᠯᠤᠭᠰᠠᠨ ᠰᠢᠤ ᠭᠡᠵᠦ ᠡᠷᠭᠢᠴᠡᠭᠦᠯᠦᠨ ᠶᠠᠷᠢᠯ᠎ᠠ᠃              1983 ᠣᠨ ᠳᠤ ᠴᠠᠭᠠᠨᠴᠢᠯᠠᠭᠤ ᠠᠯᠠᠱᠠ ᠠᠶᠢᠮᠠᠭ ᠤᠨ ᠨᠣᠮ ᠤᠨ ᠰᠠᠩ ᠢ ᠡᠬᠢᠯᠡᠨ ᠪᠠᠶᠢᠭᠤᠯᠬᠤ ᠠᠵᠢᠯ ᠳᠤ ᠪᠡᠶᠡᠴᠢᠯᠡᠨ ᠤᠷᠤᠯᠴᠠᠵᠤ᠂ ᠨᠣᠮ ᠤᠨ ᠰᠠᠩ ᠳᠤ ᠰᠢᠨ᠎ᠡ ᠨᠣᠮ ᠰᠤᠳᠤᠷ ᠤᠷᠤᠭᠤᠯᠬᠤ᠂ ᠲᠠᠩᠰᠠᠯᠠᠨ ᠪᠦᠷᠢᠳᠬᠡᠬᠦ ᠠᠵᠢᠯ ᠢ ᠬᠠᠷᠢᠭᠤᠴᠠᠵᠤ ᠡᠬᠢᠯᠡᠭᠰᠡᠨ ᠪᠠᠶᠢᠨ᠎ᠠ᠃ ᠨᠣᠮ ᠤᠨ ᠰᠠᠩ ᠤᠨ ᠠᠵᠢᠯᠲᠠᠨ ᠪᠣᠯᠤᠭᠰᠠᠨ ᠪ᠊ ᠲᠠᠷᠠᠭ᠎ᠠ᠂ ᠴᠠᠭᠠᠨᠴᠢᠯᠠᠭᠤ ᠥᠪᠡᠷ ᠤᠨ ᠪᠡᠶ᠎ᠡ ᠪᠠᠨ ᠨᠡᠩ ᠴᠢᠩᠭ᠎ᠠ ᠱᠠᠭᠠᠷᠳᠠᠨ ᠪᠡᠭᠡᠵᠢᠩ ᠤᠨ ᠰᠣᠶᠣᠯ ᠢᠷᠭᠡᠨᠰᠢᠯ ᠤᠨ ᠵᠠᠬᠢᠳᠠᠯ ᠢᠶᠠᠷ ᠰᠤᠷᠤᠯᠴᠠᠬᠤ ᠶᠡᠭᠡ ᠰᠤᠷᠭᠠᠭᠤᠯᠢ ᠶᠢᠨ ᠤᠯᠠᠨ ᠲᠦᠮᠡᠨ ᠪ᠊ ᠰᠣᠶᠣᠯ ᠤᠨ ᠬᠠᠮᠢᠶᠠᠷᠤᠯᠲᠠ ᠶᠢᠨ ᠰᠠᠯᠪᠤᠷᠢ ᠎ ᠳᠤ ᠰᠤᠷᠤᠯᠴᠠᠵᠤ᠂ ᠰᠤᠷᠤᠯᠭ᠎ᠠ ᠶᠢᠨ ᠬᠤᠭᠤᠴᠠᠭᠠᠨ ᠳᠤ ︽ᠥᠪᠥᠷ ᠮᠣᠩᠭᠤᠯ ᠤᠨ ᠨᠣᠮ ᠪᠢᠴᠢᠭ ᠤᠨ ᠠᠵᠢᠯ︾ ᠰᠡᠳᠬᠦᠯ ᠳᠤ ᠨᠣᠮ ᠤᠨ ᠰᠠᠩ ᠤᠨ ᠬᠠᠮᠢᠶᠠᠷᠤᠯᠲᠠ ᠶᠢᠨ ᠠᠵᠢᠯ ᠤᠨ ᠲᠤᠬᠠᠢ ᠥᠭᠦᠯᠡᠯ ᠨᠢ ᠨᠡᠶᠢᠲᠡᠯᠡᠭᠳᠡᠪᠡ᠃ ᠲᠡᠷᠡᠴᠢᠯᠡᠨ ᠪᠦᠭᠦ ᠤᠯᠤᠰ ᠤᠨ ᠨᠣᠮ ᠤᠨ ᠰᠠᠩ ᠤᠨ ᠡᠷᠳᠡᠮ ᠰᠢᠨᠵᠢᠯᠡᠭᠡᠨ ᠪ᠊ ᠰᠤᠳᠤᠯᠤᠯ ᠤᠨ ᠬᠤᠷᠠᠯ ᠳᠤ ᠣᠷᠣᠯᠴᠠᠨ᠂ ᠲᠡᠭᠦᠨ ᠪ᠊ ᠳᠡᠪᠰᠢᠭᠦᠯᠦᠭᠰᠡᠨ ᠥᠭᠦᠯᠡᠯ ᠨᠢ ᠲᠤᠰ ᠬᠤᠷᠠᠯ ᠤᠨ ᠥᠭᠦᠯᠡᠯ ᠤᠨ ᠲᠡᠭᠦᠪᠦᠷᠢ ᠳᠤ ᠰᠣᠩᠭᠤᠭᠳᠠᠭᠰᠠᠨ ᠪᠥᠭᠡᠳ 1996 ᠣᠨ ᠳᠤ ᠪᠡᠭᠡᠵᠢᠩ ᠬᠤᠲᠠᠨ᠎ᠠ ᠪᠣᠯᠤᠭᠰᠠᠨ ᠤᠯᠠᠨ ᠤᠯᠤᠰ ᠤᠨ ᠨᠣᠮ ᠤᠨ ᠰᠠᠩ ᠤᠨ ᠬᠤᠯᠪᠣᠭᠠᠨ ᠪ᠊ ᠶᠡᠭᠡ ᠬᠤᠷᠠᠯ ᠤᠨ ᠰᠢᠯᠢᠳᠡᠭ ᠥᠭᠦᠯᠡᠯ᠂ ᠪᠦᠭᠦ ᠤᠯᠤᠰ ᠤᠨ ᠪᠢᠴᠢᠭ ᠰᠤᠷᠪᠤᠯᠵᠢ ᠰᠤᠷᠠᠭ ᠵᠠᠩᠭᠢ ᠶᠢᠨ ᠦᠢᠯᠡᠴᠢᠯᠡᠭᠡᠨ ᠪ᠊ ᠤᠨᠤᠯ ᠦᠢᠯᠡᠳᠦᠯᠭᠡ ᠶᠢᠨ ᠡᠷᠳᠡᠮ ᠰᠢᠨᠵᠢᠯᠡᠭᠡᠨ ᠪ᠊ ᠬᠤᠷᠠᠯ ᠤᠨ ᠰᠢᠯᠢᠳᠡᠭ ᠥᠭᠦᠯᠡᠯ ᠎ ᠢᠶᠠᠷ ᠦᠨᠡᠯᠡᠭᠳᠡᠵᠦ ᠥᠩᠭᠡᠷᠡᠭᠰᠡᠨ ᠪᠠᠶᠢᠨ᠎ᠠ᠃              ᠴᠠᠭᠠᠨᠴᠢᠯᠠᠭᠤ ᠭᠤᠸᠠᠢ ᠨᠣᠮ ᠤᠨ ᠰᠠᠩ ᠤᠨ ᠪᠦᠲᠦᠭᠡᠨ ᠪᠠᠶᠢᠭᠤᠯᠤᠯᠲᠠ ᠪᠤᠶᠤ ᠬᠥᠭᠵᠢᠯᠲᠡ ᠶᠢᠨ ᠦᠢᠯᠡᠰ ᠲᠤ ᠤᠬᠠᠭᠠᠨ ᠲᠠᠮᠢᠷ ᠢᠶᠠᠨ ᠰᠢᠪᠬᠠᠨ᠂ ᠬᠦᠰᠡᠯ ᠵᠣᠷᠢᠯᠲᠠ ᠶᠢᠨ ᠢᠶᠠᠨ ᠬᠥᠬᠡ ᠣᠭᠲᠠᠷᠭᠤᠢ ᠳᠤ ᠵᠣᠷᠢᠭ ᠎ ᠲᠠᠢ ᠳᠡᠭᠦᠯᠢᠨ᠂ ᠲᠤᠬᠠᠶᠢᠯᠠᠭᠰᠠᠨ ᠠᠵᠢᠯ ᠤᠨ ᠪᠠᠶᠢᠷᠢᠨ ᠳᠠᠭᠠᠨ ᠢᠯᠭᠤᠮ ᠠᠮᠵᠢᠯᠲᠠ ᠲᠠᠢ ᠶᠠᠪᠤᠬᠤ ᠶᠢᠨ ᠬᠠᠮᠲᠤ ᠳᠡᠭᠡᠳᠦ ᠠᠴᠠ ᠥᠪᠯᠡᠭᠰᠡᠨ ᠠᠷᠠᠳ ᠤᠨ ᠳᠠᠭᠤᠤ ᠶᠢᠨ ᠤᠤᠯ ᠦᠨᠦᠷ ᠠᠮᠲᠠ ᠶᠢ ᠥᠪᠯᠡᠨ ᠬᠠᠳᠠᠭᠠᠯᠠᠬᠤ᠂ ᠥᠯᠢᠭᠡᠷ ᠲᠡᠦᠬᠡ ᠶᠢ ᠨᠢ ᠤᠯᠠᠮᠵᠢᠯᠠᠨ ᠶᠠᠷᠢᠬᠤ᠂ ᠤᠤᠯ ᠬᠡᠪ ᠢᠶᠠᠷ ᠨᠢ ᠤᠶᠠᠩᠭᠠᠯᠠᠨ ᠳᠠᠭᠤᠯᠠᠬᠤ ᠶᠢ ᠠᠩᠬᠠᠷᠤᠭᠰᠠᠭᠠᠷ ᠢᠷᠡᠭᠰᠡᠨ ᠶᠤᠮ᠃ 1995 ᠣᠨ ᠳᠤ ᠠᠯᠠᠱᠠ ᠠᠶᠢᠮᠠᠭ ᠤᠨ ᠠᠷᠠᠳ ᠤᠨ ᠲᠠᠭᠤᠴᠢᠳ ᠤᠨ ᠨᠡᠶᠢᠭᠡᠮᠯᠢᠭ ᠪᠠᠶᠢᠭᠤᠯᠤᠭᠳᠠᠬᠤ ᠦᠶᠡᠰ ᠴᠠᠭᠠᠨᠴᠢᠯᠠᠭᠤ ᠲᠤᠰ ᠨᠡᠶᠢᠭᠡᠮᠯᠢᠭ ᠤᠨ ᠪᠠᠶᠢᠩᠭᠤ ᠶᠢᠨ ᠬᠡᠷᠡᠭ ᠡᠷᠭᠢᠯᠡᠭᠴᠢ᠂ ᠨᠠᠷᠢᠨ ᠪᠢᠴᠢᠭ ᠤᠨ ᠳᠠᠷᠤᠭ᠎ᠠ ᠶᠢᠨ ᠠᠵᠢᠯ ᠢ ᠬᠠᠪᠰᠤᠷᠭᠠᠨ ᠬᠢᠵᠦ᠂ ᠠᠯᠠᠱᠠ ᠠᠷᠠᠳ ᠤᠨ ᠳᠠᠭᠤᠤ ᠶᠢ ᠡᠮᠬᠢᠳᠬᠡᠨ ᠴᠤᠭᠯᠠᠭᠤᠯᠬᠤ᠂ ᠥᠯᠢᠭᠡᠷ ᠲᠡᠦᠬᠡ ᠶᠢ ᠨᠢ ᠲᠡᠮᠳᠡᠭᠯᠡᠨ ᠦᠯᠡᠳᠡᠭᠡᠬᠦ᠂ ᠠᠷᠠᠳ ᠤᠨ ᠲᠠᠭᠤᠴᠢᠳ ᠲᠤ ᠵᠢᠭᠠᠨ ᠥᠪᠯᠡᠭᠦᠯᠬᠦ ᠠᠵᠢᠯ ᠢ ᠭᠠᠷᠳᠠᠵᠤ ᠡᠬᠢᠯᠡᠭᠰᠡᠨ ᠶᠤᠮ᠃              ᠲᠡᠶᠢᠮᠤ ᠠ᠋᠂ ᠠᠷᠠᠳ ᠤᠨ ᠳᠠᠭᠤᠴᠢᠨ ᠴᠠᠭᠠᠨᠴᠢᠯᠠᠭᠤ ᠪᠣᠯ ᠠᠯᠠᠱᠠ ᠠᠷᠠᠳ ᠤᠨ ᠳᠠᠭᠤᠤ ᠶᠢᠨ ᠦᠢᠯᠡᠰ ᠲᠤ ᠬᠠᠶᠢᠷ᠎ᠠ ᠰᠡᠳᠬᠢᠯ ᠢᠶᠠᠨ ᠵᠣᠷᠢᠭᠤᠯᠵᠤ᠂ ᠥᠪ ᠰᠣᠶᠣᠯ ᠤᠨ ᠢᠶᠠᠨ ᠭᠠᠯ ᠠᠶᠠᠨ ᠪ᠊ ᠡᠮᠦᠨ᠎ᠡ ᠡᠩᠨᠡᠭᠡᠨ ᠎ ᠳᠤ ᠵᠢᠳᠬᠦᠵᠦ ᠶᠠᠪᠤᠭ᠎ᠠ ᠨᠢᠭᠡᠨ ᠪᠢᠯᠡ᠃ ᠲᠡᠷᠡᠪᠡᠷ 2004 ᠣᠨ ᠳᠤ ᠠᠵᠢᠯ ᠤᠨ ᠠᠮᠠᠷᠠᠯᠲᠠ ᠪᠠᠨ ᠠᠪᠤᠭᠰᠠᠨ ᠪ᠊ ᠲᠠᠷᠠᠭ᠎ᠠ᠂ ᠬᠠᠶᠢᠷᠠᠲᠠᠢ ᠳᠤᠷᠠᠲᠠᠢ ᠠᠷᠠᠳ ᠤᠨ ᠳᠠᠭᠤᠤ ᠶᠢᠨ ᠦᠢᠯᠡᠰ ᠲᠤ ᠦᠨᠡᠨ ᠬᠦ ᠵᠢᠳᠬᠦᠯ ᠢᠶᠠᠨ ᠦᠵᠡᠭᠦᠯᠵᠦ᠂ ᠦᠯᠡᠮᠵᠢ ᠤᠯᠠᠨ ᠦᠷ᠎ᠡ ᠪᠦᠳᠤᠮᠵᠢ ᠭᠠᠷᠭᠠᠭᠰᠠᠨ ᠢᠶᠠᠷ ᠡᠳᠦᠭᠡ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠪ᠊ ᠲᠡᠰ ᠤᠨ ᠠᠯᠠᠱᠠ ᠬᠤᠱᠣᠳ ᠠᠷᠠᠳ ᠤᠨ ᠳᠠᠭᠤᠤ ᠶᠢᠨ ᠪᠣᠳᠠᠰ ᠤᠨ ᠪᠤᠰᠤ ᠰᠣᠶᠣᠯ ᠤᠨ ᠥᠪ ᠤᠨ ᠥᠪᠯᠡᠨ ᠤᠯᠠᠮᠵᠢᠯᠠᠭᠴᠢ᠂ ᠠᠯᠠᠱᠠ ᠵᠡᠭᠦᠨ ᠬᠤᠰᠢᠭᠤᠨ ᠪ᠊ ᠪᠣᠳᠠᠰ ᠤᠨ ᠪᠤᠰᠤ ᠰᠣᠶᠣᠯ ᠤᠨ ᠥᠪ ᠢ ᠥᠪᠯᠡᠨ ᠬᠠᠮᠠᠭᠠᠯᠠᠬᠤ ᠨᠡᠶᠢᠭᠡᠮᠯᠢᠭ ᠤᠨ ᠪᠠᠶᠢᠩᠭᠤ ᠶᠢᠨ ᠬᠡᠷᠡᠭ ᠡᠷᠭᠢᠯᠡᠭᠴᠢ᠂ ᠠᠯᠠᠱᠠ ᠵᠡᠭᠦᠨ ᠬᠤᠰᠢᠭᠤᠨ ᠪ᠊ ᠠᠷᠠᠳ ᠤᠨ ᠲᠠᠭᠤᠴᠢᠳ ᠤᠨ ᠨᠡᠶᠢᠭᠡᠮᠯᠢᠭ ᠤᠨ ᠨᠡᠷ᠎ᠡ ᠬᠦᠨᠳᠦᠲᠦ ᠲᠡᠷᠢᠭᠦᠯᠡᠭᠴᠢ ᠵᠡᠷᠭᠡ ᠨᠡᠶᠢᠭᠡᠮ ᠤᠨ ᠡᠭᠦᠷᠭᠡ ᠲᠤᠰᠢᠶᠠᠯ ᠢ ᠬᠠᠷᠢᠭᠤᠴᠠᠨ ᠠᠷᠠᠳ ᠤᠯᠠᠨ ᠳᠠᠭᠠᠨ ᠠᠴᠢ ᠲᠤᠰᠠ ᠪᠠᠨ ᠦᠵᠡᠭᠦᠯᠦᠭᠰᠡᠭᠡᠷ ᠶᠠᠪᠤᠨᠠᠮ᠃              ᠠᠷᠠᠳ ᠤᠨ ᠳᠠᠭᠤᠤ ᠪᠠᠨ ᠤᠯᠠᠮᠵᠢᠯᠠᠨ ᠬᠥᠭᠵᠢᠭᠦᠯᠦᠶ᠎ᠡ ᠭᠡᠪᠡᠯ ᠡᠩ ᠲᠡᠷᠢᠭᠦᠨ ᠳᠤ ᠵᠠᠯᠭᠠᠮᠵᠢ ᠨᠢᠭᠡᠨ ᠦᠶ᠎ᠡ ᠶᠢ ᠬᠥᠮᠥᠵᠢᠭᠦᠯᠬᠦ ᠴᠢᠬᠤᠯᠠ ᠲᠠᠢ ᠪᠠᠶᠢᠯ᠎ᠠ᠃ ᠲᠡᠶᠢᠨ ᠬᠦ ᠴᠠᠭᠠᠨᠴᠢᠯᠠᠭᠤ ᠠᠵᠢᠯ ᠤᠨ ᠠᠮᠠᠷᠠᠯᠲᠠ ᠪᠠᠨ ᠠᠪᠤᠭᠰᠠᠨ ᠪ᠊ ᠲᠠᠷᠠᠭ᠎ᠠ ᠰᠠᠨᠠᠭᠠᠴᠢᠯᠠᠭ᠎ᠠ ᠠᠴᠠ ᠪᠠᠨ ᠤᠷᠳᠤ ᠶᠢᠨ ᠳᠠᠭᠤᠤ ᠪᠠᠨ ᠰᠤᠷᠭᠠᠭᠤᠯᠢ ᠶᠢᠨ ᠬᠦᠷᠢᠶᠡᠨ ᠳᠤ ᠣᠷᠣᠭᠤᠯᠵᠤ ᠤᠯᠠᠮᠵᠢᠯᠠᠨ ᠵᠢᠭᠠᠬᠤ ᠶᠢ ᠰᠡᠳᠦᠭᠡᠳ ᠠᠯᠠᠱᠠ ᠠᠶᠢᠮᠠᠭ ᠤᠨ ᠤᠳᠬ᠎ᠠ ᠤᠷᠠᠯᠢᠭ ᠤᠨ ᠬᠢᠨ ᠪ᠊ ᠬᠤᠯᠪᠤᠭ᠎ᠠ ᠶᠢᠨ ᠤᠤᠯ ᠤᠨ ᠲᠡᠷᠢᠭᠦᠯᠡᠭᠴᠢ ᠪᠠᠶᠢᠭᠰᠠᠨ ᠡ᠊ · ᠪᠣᠯᠣᠳ ᠨᠥᠬᠦᠷ ᠪᠣᠯᠣᠨ ᠬᠠᠮᠢᠶ᠎ᠠ ᠪᠦᠬᠦᠢ ᠤᠳᠤᠷᠢᠳᠤᠯᠭ᠎ᠠ ᠵᠢᠴᠢ ᠪᠠᠶᠢᠭᠤᠯᠭ᠎ᠠ ᠨᠢᠭᠡᠴᠢ ᠶᠢᠨ ᠬᠠᠯᠠᠭᠤᠨ ᠳᠡᠮᠵᠢᠯᠭᠡ ᠪᠠᠷ ᠡᠨᠡ ᠬᠦ ᠠᠵᠢᠯ ᠢᠶᠠᠨ ᠤᠷᠤᠭᠰᠢᠲᠠᠢ ᠡᠬᠢᠯᠡᠭᠦᠯᠦᠭᠰᠡᠨ ᠪᠠᠶᠢᠨ᠎ᠠ᠃ ︽ᠲᠡᠷᠡ ᠦᠶ᠎ᠡ ᠳᠤ ᠨᠠᠳᠠ ᠳᠤ ᠤᠯᠢᠭ ᠲᠠᠢ ᠲᠤᠨᠤᠭ ᠲᠥᠬᠦᠭᠡᠷᠦᠮᠵᠢ ᠭᠡᠮᠡᠷ ᠶᠠᠭᠤᠮ᠎ᠠ ᠪᠠᠶᠢᠭ᠎ᠠ ᠦᠭᠡᠢ᠃ ᠭᠡᠷ ᠤᠨ ᠢᠶᠠᠨ ᠲᠣᠮᠣ ᠰᠢᠩᠭᠡᠭᠡᠯᠲᠡ ᠶᠢᠨ ᠮᠠᠰᠢᠨ ᠢᠶᠠᠨ ᠡᠭᠦᠷᠦᠭᠡᠳ ᠰᠤᠷᠭᠠᠭᠤᠯᠢ ᠶᠢᠨ ᠲᠣᠬᠢᠷᠠᠭᠤᠯᠭ᠎ᠠ ᠪᠠᠷ ᠰᠤᠷᠭᠠᠭᠤᠯᠢ ᠳᠤ ᠬᠦᠷᠴᠦ ᠰᠤᠷᠤᠬᠴᠢᠳ ᠤᠨ ᠰᠤᠯᠠ ᠴᠠᠭ ᠢ ᠠᠰᠢᠭᠯᠠᠨ ᠤᠷᠳᠤ ᠶᠢᠨ ᠳᠠᠭᠤᠤ ᠎ ᠪᠠᠨ ᠵᠢᠭᠠᠵᠤ ᠪᠠᠶᠢᠯ᠎ᠠ᠃ ᠳᠠᠭᠤᠤ ᠶᠢᠨ ᠦᠭᠡ᠂ ᠨᠣᠲ ᠢ ᠨᠢ ᠪᠢ ᠥᠪᠡᠷ ᠲᠡᠭᠡᠨ ᠳᠠᠷᠤᠮᠠᠯᠯᠠᠵᠤ ᠠᠪᠤᠭᠠᠳ ᠣᠴᠢᠨ᠎ᠠ᠃ ᠰᠠᠶᠢᠨ ᠳᠠᠭᠤᠯᠠᠭᠰᠠᠨ ᠢ ᠨᠢ ᠪᠠᠭ᠎ᠠ ᠰᠠᠭ᠎ᠠ ᠱᠠᠩᠨᠠᠯ ᠤᠨ ᠪᠣᠳᠠᠰ ᠢᠶᠠᠷ ᠵᠣᠷᠢᠭᠵᠢᠭᠤᠯᠳᠠᠭ ᠪᠠᠶᠢᠯ᠎ᠠ᠃ ᠬᠥᠭᠡᠷᠦᠬᠦᠢ᠂ ᠬᠡᠦᠬᠡᠳ ᠤᠳ ᠤᠷᠳᠤ ᠶᠢᠨ ᠳᠠᠭᠤᠤ ᠶᠢ ᠶᠡᠭᠡ ᠰᠣᠨᠢᠷᠬᠠᠵᠤ ᠰᠤᠷᠤᠨ᠎ᠠ᠃ ᠲᠡᠭᠦᠨ ᠠᠴᠠ ᠬᠤᠶᠢᠰᠢ ᠪᠢ ᠤᠯᠠᠮ ᠵᠣᠷᠢᠭᠵᠢᠵᠤ᠂ ᠤᠯᠠᠨ ᠲᠠᠯ᠎ᠠ ᠶᠢᠨ ᠬᠦᠴᠢᠷ ᠢ ᠲᠤᠭᠤᠯᠵᠤ᠂ ᠠᠷᠠᠳ ᠤᠨ ᠳᠠᠭᠤᠤ ᠪᠠᠨ ᠤᠯᠠᠮᠵᠢᠯᠠᠬᠤ ᠠᠵᠢᠯ ᠢᠶᠠᠨ ᠤᠯᠠᠮ ᠰᠠᠶᠢᠨ ᠭᠢᠶ᠎ᠡ ᠭᠡᠰᠡᠨ ᠪᠤᠳᠤᠯ ᠣᠷᠣᠭᠰᠠᠨ ᠶᠤᠮ︾ ᠭᠡᠵᠦ ᠴᠠᠭᠠᠨᠴᠢᠯᠠᠭᠤ ᠤᠷᠳᠤ ᠶᠢᠨ ᠳᠠᠭᠤᠤ ᠎ ᠪᠠᠨ ᠤᠯᠠᠮᠵᠢᠯᠠᠬᠤ ᠠᠩᠬᠠᠨ ᠪ᠊ ᠠᠵᠢᠯ ᠤᠨ ᠭᠠᠷᠤᠭ᠎ᠠ ᠪᠠᠨ ᠡᠬᠢᠯᠡᠭᠦᠯᠦᠭᠰᠡᠨ ᠲᠤᠬᠠᠢ ᠶᠠᠷᠢᠪᠠ᠃              ᠲᠡᠷᠡᠪᠡᠷ ᠪᠠᠰᠠ ︽ᠥᠩ ᠥᠷᠭᠡᠨ ᠠᠯᠠᠱᠠ︾᠂ ︽ᠪᠠᠶᠠᠨ ᠠᠯᠲᠠᠢ ᠶᠢᠨ ᠤᠨᠠᠭ᠎ᠠ︾᠂ ︽ᠦᠯᠡᠮᠵᠢ ᠪᠤᠶᠠᠨ︾ ᠭᠡᠬᠦ ᠠᠯᠠᠱᠠ ᠠᠷᠠᠳ ᠤᠨ ᠤᠷᠳᠤ ᠶᠢᠨ ᠳᠠᠭᠤᠤ ᠶᠢᠨ ᠨᠡᠷ᠎ᠡ ᠪᠠᠷ ᠨᠡᠷᠡᠯᠡᠭᠰᠡᠨ ᠰᠤᠷᠭᠠᠭᠤᠯᠢ ᠶᠢᠨ ᠬᠦᠷᠢᠶᠡᠨ ᠪ᠊ ᠤᠷᠳᠤ ᠶᠢᠨ ᠳᠠᠭᠤᠤ ᠶᠢᠨ ᠪᠣᠯᠪᠠᠰᠤᠷᠠᠯ ᠤᠨ ᠠᠩᠭᠢ ᠡᠷᠭᠢᠯᠡᠵᠤ᠂ ᠣᠷᠭᠢᠯᠤᠮ᠎ᠠ ᠬᠠᠯᠠᠭᠤᠨ ᠰᠡᠳᠬᠢᠯᠭᠡ ᠬᠢᠭᠡᠳ ᠬᠠᠯᠠᠰᠢᠷᠠᠯ ᠦᠭᠡᠢ ᠴᠢᠷᠮᠠᠶᠢᠯᠭ᠎ᠠ ᠪᠠᠷ ᠲᠠᠮᠵᠢᠨ ᠪᠠᠭᠰᠢ ᠰᠤᠷᠤᠬᠴᠢᠳ ᠪᠠ ᠭᠡᠷ ᠤᠨ ᠠᠬᠠᠮᠠᠳ ᠤᠨ ᠬᠠᠯᠠᠭᠤᠨ ᠬᠦᠷᠢᠶᠡᠯᠡᠯ ᠢ ᠣᠯᠵᠤ᠂ ᠰᠤᠷᠤᠬᠴᠢ ᠨᠥᠬᠦᠳ ᠤᠨ ᠤᠷᠳᠤ ᠶᠢᠨ ᠳᠠᠭᠤᠤ ᠪᠠᠨ ᠰᠤᠷᠴᠤ ᠥᠪᠯᠡᠬᠦ ᠳᠤᠨᠢ ᠶᠡᠬᠡᠬᠡᠨ ᠲᠤᠰᠠ ᠲᠡᠮ ᠪᠣᠯᠤᠭᠰᠠᠨ ᠪᠢᠯᠡ᠃ ᠲᠡᠭᠦᠨᠴᠢᠯᠡᠨ ᠴᠠᠭᠠᠨᠴᠢᠯᠠᠭᠤ ᠶᠢᠨ ᠰᠤᠷᠭᠠᠭᠤᠯᠢ ᠶᠢᠨ ᠬᠦᠷᠢᠶᠡᠨ ᠳᠤ ᠵᠣᠬᠢᠶᠠᠨ ᠪᠠᠶᠢᠭᠤᠯᠵᠤ ᠵᠢᠭᠠᠨ ᠵᠢᠯᠤᠭᠤᠳᠴᠤ ᠪᠠᠶᠢᠭᠰᠠᠨ ᠤᠷᠳᠤ ᠶᠢᠨ ᠳᠠᠭᠤᠤ ᠶᠢᠨ ᠪᠣᠯᠪᠠᠰᠤᠷᠠᠯ ᠤᠨ ᠠᠩᠭᠢ ᠠᠴᠠ ᠪᠠᠷᠤᠭ 800 ᠭᠠᠷᠤᠢ ᠰᠤᠷᠤᠬᠴᠢ ᠠᠮᠵᠢᠯᠲᠠ ᠲᠠᠢ ᠪᠣᠯᠪᠠᠰᠤᠷᠠᠯ ᠬᠦᠷᠲᠡᠵᠦ᠂ ᠲᠡᠭᠦᠨ ᠪ᠊ ᠳᠣᠲᠣᠷ᠎ᠠ ᠠᠴᠠ ᠵᠠᠷᠢᠮ ᠨᠢ ᠥᠪᠥᠷ ᠮᠣᠩᠭᠤᠯ ᠤᠨ ᠤᠷᠠᠯᠢᠭ ᠤᠨ ᠳᠡᠭᠡᠳᠦ ᠰᠤᠷᠭᠠᠭᠤᠯᠢ᠂ ᠪᠤᠰᠤᠳ ᠶᠡᠭᠡ ᠳᠡᠭᠡᠳᠦ ᠰᠤᠷᠭᠠᠭᠤᠯᠢ ᠶᠢᠨ ᠤᠷᠠᠯᠢᠭ ᠎ ᠤᠨ ᠰᠠᠯᠪᠤᠷᠢ ᠵᠢᠴᠢ ᠳᠡᠳᠮ᠎ᠠ ᠤᠷᠠᠯᠢᠭ ᠤᠨ ᠰᠤᠷᠭᠠᠭᠤᠯᠢ ᠳᠤ ᠰᠢᠯᠭᠠᠭᠳᠠᠨ ᠣᠷᠣᠵᠤ᠂ ᠤᠷᠠᠯᠢᠭ ᠤᠨ ᠵᠠᠮ ᠢᠶᠠᠨ ᠡᠯᠭᠦᠭᠰᠡᠨ ᠰᠤᠷᠤᠬᠴᠢ ᠴᠥᠭᠡᠨ ᠪᠤᠰᠤ ᠪᠤᠢ᠃ ᠮᠥᠨ ᠠᠯᠠᠱᠠ ᠶᠢᠨ ᠷᠠᠳᠢᠣ᠋ ᠨᠡᠪᠲᠡᠷᠡᠭᠦᠯᠭᠡ ᠶᠢᠨ ︽ᠤᠶᠠᠩᠭ᠎ᠠ ᠶᠢᠨ ᠠᠯᠠᠱᠠ︾ ᠰᠢᠭᠤᠳ ᠨᠡᠪᠲᠡᠷᠡᠭᠦᠯᠭᠡ ᠶᠢᠨ ᠠᠵᠢᠯ ᠢ ᠬᠠᠮᠵᠢᠨ ᠤᠳᠠᠭ᠎ᠠ ᠪᠦᠷᠢ ᠶᠢᠨ ᠨᠡᠪᠲᠡᠷᠡᠭᠦᠯᠭᠡ ᠳᠤ ᠨᠤᠲᠤᠭ ᠤᠨ ᠪᠤᠭᠤᠷᠤᠯᠴᠤᠳ᠂ ᠢᠳᠡᠷ ᠵᠠᠯᠠᠭᠤ ᠲᠠᠭᠤᠴᠢᠳ᠂ ᠬᠡᠦᠬᠡᠳ ᠪᠠᠭᠠᠴᠤᠳ ᠢ ᠵᠣᠬᠢᠶᠠᠨ ᠪᠠᠶᠢᠭᠤᠯᠤᠨ ᠣᠷᠣᠯᠴᠠᠭᠤᠯᠵᠤ᠂ ᠠᠭᠠᠷ ᠤᠨ ᠴᠡᠩᠬᠡᠷ ᠳᠣᠯᠭᠢᠶᠠᠨ ᠢᠶᠠᠷ ᠠᠯᠠᠱᠠ ᠠᠷᠠᠳ ᠤᠨ ᠳᠠᠭᠤᠤ ᠪᠠᠨ ᠰᠣᠨᠣᠰᠤᠭᠴᠢ ᠲᠦᠮᠡᠨ ᠪ᠊ ᠠᠯᠳᠠᠨ ᠰᠣᠨᠣᠷ ᠎ ᠲᠤ ᠬᠦᠷᠭᠡᠵᠦ ᠪᠠᠶᠢᠭᠰᠠᠨ ᠠᠵᠢ᠃              ᠰᠠᠨᠠᠵᠤ ᠪᠠᠶᠢᠪᠠᠯ ᠪᠦᠲᠦᠳᠡᠭ᠂ ᠰᠠᠵᠢᠯᠠᠵᠤ ᠪᠠᠶᠢᠪᠠᠯ ᠭᠦᠷᠳᠡᠭ ᠤᠨ ᠤᠴᠢᠷ ᠢᠶᠠᠷ ᠴᠠᠭᠠᠨᠴᠢᠯᠠᠭᠤ ᠠᠶᠤᠤᠯᠢᠬᠠᠢ ᠴᠡᠭᠡᠵᠢᠨ ᠳᠤᠨᠢ ᠨᠡᠪᠴᠢᠨ ᠰᠢᠩᠭᠡᠭᠰᠡᠨ ᠦᠨᠳᠦᠰᠦᠲᠡᠨ ᠪ᠊ ᠥᠪ ᠰᠣᠶᠣᠯ ᠢᠶᠠᠨ ᠥᠪᠯᠡᠨ ᠬᠥᠭᠵᠢᠭᠦᠯᠬᠦ ᠎ ᠳᠤ ᠪᠠᠯᠠᠷᠠᠰᠢ ᠦᠭᠡᠢ ᠭᠠᠪᠢᠶ᠎ᠠ ᠵᠢᠳᠬᠦᠯ ᠭᠠᠷᠭᠠᠵᠤ᠂ ᠨᠥᠷᠢ ᠶᠡᠭᠡ ᠬᠦᠴᠦ ᠭᠦᠳᠡᠯᠮᠤᠷᠢ ᠣᠷᠣᠭᠤᠯᠵᠤ ᠶᠠᠪᠤᠭᠰᠠᠨ ᠶᠤᠮ᠃ ᠴᠤᠬᠤᠰ ᠳᠤᠷᠠᠳᠪᠠᠯ᠂ ᠲᠡᠷᠡ ᠠᠯᠠᠱᠠ ᠠᠷᠠᠳ ᠤᠨ ᠳᠠᠭᠤᠤ ᠶᠢᠨ ᠬᠠᠮᠢᠶ᠎ᠠ ᠪᠦᠬᠦᠢ ᠮᠠᠲ᠋ᠧᠷᠢᠶᠠᠯ ᠢ ᠪᠦᠷᠢᠨ ᠴᠤᠭᠯᠠᠭᠤᠯᠬᠤ ᠶᠢᠨ ᠬᠠᠮᠲᠤ ᠰᠤᠷᠤᠬᠴᠢᠳ ᠲᠤ ᠠᠷᠠᠳ ᠤᠨ ᠳᠠᠭᠤᠤ ᠵᠢᠭᠠᠭᠰᠠᠨ DVD ᠪᠢᠴᠢᠯᠭᠡ ᠪᠣᠯᠣᠨ VCD ᠪᠢᠴᠢᠯᠭᠡ ᠵᠢᠴᠢ ᠵᠢᠷᠤᠭ ᠰᠡᠭᠦᠳᠡᠷ᠂ ᠰᠢᠩᠭᠡᠭᠡᠯᠲᠡ ᠶᠢᠨ ᠮᠠᠲ᠋ᠧᠷᠢᠶᠠᠯ ᠢ 200 ᠭᠠᠷᠤᠢ ᠬᠤᠪᠢ ᠴᠤᠭᠯᠠᠭᠤᠯᠤᠨ ᠬᠠᠳᠠᠭᠠᠯᠠᠵᠤ᠂ ᠠᠯᠠᠱᠠ ᠠᠷᠠᠳ ᠤᠨ ᠳᠠᠭᠤᠤ ᠶᠢᠨ ᠬᠠᠮᠢᠶ᠎ᠠ ᠪᠦᠬᠦᠢ ᠮᠠᠲ᠋ᠧᠷᠢᠶᠠᠯ ᠤᠨ ᠪᠢᠴᠢᠯᠭᠡ ᠶᠢ 30 ᠭᠠᠷᠤᠢ ᠰᠢᠩᠭᠡᠬᠡᠨ ᠦᠢᠯᠡᠳᠴᠦ᠂ ᠰᠡᠭᠦᠯᠡᠷ ᠨᠢ ᠨᠡᠶᠢᠭᠡᠮ ᠨᠡᠶᠢᠳᠡ ᠶᠢᠨ ᠳᠡᠮᠵᠢᠯᠭᠡ ᠪᠠᠷ ︽ᠠᠷᠠᠳ ᠤᠨ ᠳᠠᠭᠤᠤ ᠎ ᠶᠢᠨ ᠬᠡᠦᠬᠡᠳ︾ ᠭᠡᠬᠦ ᠬᠡᠦᠬᠡᠳ ᠪᠠᠭᠠᠴᠤᠳ ᠤᠨ ᠤᠷᠳᠤ ᠶᠢᠨ ᠳᠠᠭᠤᠤ ᠶᠢᠨ VCD ᠪᠢᠴᠢᠯᠭᠡ ᠶᠢ ᠰᠢᠩᠭᠡᠬᠡᠨ ᠦᠢᠯᠡᠳᠴᠦ᠂ ᠤᠷᠳᠤ ᠶᠢᠨ ᠳᠠᠭᠤᠤ ᠶᠢᠨ ᠦᠢᠯᠡᠰ ᠤᠨ ᠬᠥᠭᠵᠢᠯᠲᠡ ᠳᠤ ᠦᠨᠡᠲᠦ ᠥᠪ ᠬᠥᠷᠥᠩᠭᠡ ᠶᠢ ᠦᠯᠡᠳᠡᠭᠡᠵᠡᠢ᠃              ᠡᠭᠦᠨ ᠠᠴᠠ ᠭᠠᠳᠠᠨ᠎ᠠ᠂ ᠲᠡᠷᠡ ᠠᠯᠠᠱᠠ ᠠᠷᠠᠳ ᠤᠨ ᠳᠠᠭᠤᠤ ᠶᠢᠨ ᠦᠢᠯᠡᠰ ᠤᠨ ᠬᠥᠭᠵᠢᠯᠲᠡ ᠳᠤ ᠭᠠᠪᠰᠢᠭᠠᠶᠢᠯᠠᠭᠰᠠᠨ ᠲᠡᠷᠢᠭᠦᠨ ᠪ᠊ ᠬᠤᠪᠢ ᠬᠥᠮᠥᠨ᠂ ᠠᠷᠠᠳ ᠤᠨ ᠳᠠᠭᠤᠤ ᠤᠷᠠᠯᠢᠭ ᠤᠨ ᠦᠢᠯᠡᠰ ᠤᠨ ᠤᠯᠠᠮᠵᠢᠯᠠᠯ ᠬᠥᠭᠵᠢᠯᠲᠡ ᠳᠤ ᠬᠤᠪᠢ ᠨᠡᠮᠡᠷᠢ ᠦᠵᠡᠭᠦᠯᠦᠭᠰᠡᠨ ᠬᠤᠪᠢ ᠬᠥᠮᠥᠨ ᠢᠶᠠᠷ ᠬᠥᠬᠢᠭᠦᠯᠦᠭᠳᠡᠵᠦ᠂ ᠨᠠᠶᠢᠷᠠᠭᠤᠯᠤᠨ ᠤᠳᠤᠷᠢᠳᠤᠭᠰᠠᠨ ︽ᠢᠷᠦᠭᠡᠯᠲᠦ ᠠᠯᠠᠱᠠ︾ ᠬᠡᠮᠡᠬᠦ ᠢᠵᠠᠭᠤᠷ ᠤᠷᠠᠯᠢᠭ ᠤᠨ ᠶᠡᠷᠦᠩᠬᠡᠶᠢᠯᠡᠭᠰᠡᠨ ᠲᠤᠬᠯᠠᠯᠳᠠ ᠨᠢ ᠲᠤᠮᠳᠠᠳᠤ ᠤᠯᠤᠰ ᠤᠨ ᠠᠩᠬᠠᠳᠠᠭᠴᠢ ᠤᠳᠠᠭᠠᠨ ᠪ᠊ ᠲᠠᠷᠢᠶᠠᠴᠢᠨ ᠪ᠊ ᠤᠷᠠᠯᠢᠭ ᠤᠨ ᠨᠠᠶᠢᠷ ᠳᠡᠭᠡᠷ᠎ᠡ ᠰᠢᠯᠢᠳᠡᠭ ᠱᠠᠩᠨᠠᠯ ᠲᠤᠰᠴᠤ᠂ ︽ᠢᠷᠦᠭᠡᠯᠲᠦ ᠠᠯᠠᠱᠠ︾ ᠬᠡᠮᠡᠬᠦ ᠠᠯᠠᠱᠠ ᠮᠣᠩᠭᠤᠯ ᠬᠤᠪᠴᠠᠰᠤᠨ ᠪ᠊ ᠦᠵᠡᠭᠦᠯᠭᠡ ᠶᠢᠨ ᠤᠷᠠᠨ ᠰᠠᠶᠢᠬᠠᠨ ᠪ᠊ ᠠᠩᠭᠢ ᠨᠢ ᠳᠣᠯᠣᠳᠤᠭᠠᠷ ᠤᠳᠠᠭᠠᠨ ᠪ᠊ ᠲᠤᠮᠳᠠᠳᠤ ᠤᠯᠤᠰ ᠤᠨ ᠮᠣᠩᠭᠤᠯ ᠦᠨᠳᠦᠰᠦᠲᠡᠨ ᠪ᠊ ᠬᠤᠪᠴᠠᠰᠤ ᠵᠠᠰᠠᠯ ᠤᠨ ᠤᠷᠠᠯᠢᠭ ᠤᠨ ᠨᠠᠭᠠᠳᠤᠮ ᠵᠢᠴᠢ ᠮᠣᠩᠭᠤᠯ ᠬᠤᠪᠴᠠᠰᠤ ᠤᠷᠠᠯᠢᠭ ᠤᠨ ᠤᠷᠤᠯᠳᠤᠭᠠᠨ ᠪ᠊ ᠬᠤᠶᠠᠳᠤᠭᠠᠷ ᠲᠡᠰ ᠤᠨ ᠱᠠᠩᠨᠠᠯ ᠢ ᠳᠤᠰᠤᠭᠰᠠᠨ ᠪᠥᠭᠡᠳ ᠠᠯᠠᠱᠠ ᠵᠡᠭᠦᠨ ᠬᠤᠰᠢᠭᠤᠨ ᠪ᠊ ᠰᠣᠶᠣᠯ ᠤᠨ ᠣᠷᠳᠣᠨ ᠪ᠊ ᠠᠯᠠᠱᠠ ᠶᠢᠨ ᠤᠷᠳᠤ ᠶᠢᠨ ᠳᠠᠭᠤᠤ ᠶᠢᠨ ᠪᠣᠯᠪᠠᠰᠤᠷᠠᠯ ᠤᠨ ᠠᠩᠭᠢ ᠳᠤ ᠬᠢᠴᠢᠶᠡᠯᠯᠡᠭᠰᠡᠨ ︽ᠰᠢᠯᠢᠳᠡᠭ ᠬᠢᠴᠢᠶᠡᠯᠯᠡᠭᠴᠢ ᠪᠠᠭᠰᠢ︾ ᠎ ᠪᠠᠷ ᠦᠨᠡᠯᠡᠭᠳᠡᠭᠰᠡᠨ ᠪᠠᠶᠢᠨ᠎ᠠ᠃ ᠡᠭᠦᠪᠡᠷ ᠪᠠᠷᠠᠬᠤ ᠦᠭᠡᠢ ᠴᠠᠭᠠᠨᠴᠢᠯᠠᠭᠤ ᠪᠠᠰᠠ ᠣᠷᠣᠨ ᠨᠤᠲᠤᠭ ᠤᠨ ᠠᠷᠠᠳ ᠤᠨ ᠳᠠᠭᠤᠤ ᠶᠢᠨ ᠦᠳᠡᠰᠢᠯᠡᠭᠡ᠂ ᠲᠧᠯᠸᠢᠰ ᠵᠦᠴᠦᠭᠡ᠂ ᠲᠤᠰᠬᠠᠢ ᠫᠷᠣᠭ᠍ᠷᠠᠮ᠂ ᠰᠣᠶᠣᠯ ᠤᠨ ᠬᠥᠳᠡᠯᠭᠡᠭᠡᠨ ᠢ ᠵᠣᠬᠢᠶᠠᠨ ᠪᠠᠶᠢᠭᠤᠯᠬᠤ᠂ ᠤᠳᠤᠷᠢᠳᠤᠨ ᠨᠠᠶᠢᠷᠠᠭᠤᠯᠬᠤ᠂ ᠭᠤᠣᠯᠯᠠᠨ ᠲᠣᠭᠯᠠᠬᠤ᠂ ᠬᠢᠨᠠᠨ ᠵᠥᠪᠯᠡᠬᠦ ᠠᠵᠢᠯ ᠳᠤ ᠣᠯᠠᠨᠲᠠ ᠤᠷᠤᠯᠴᠠᠵᠤ ᠥᠩᠭᠡᠷᠡᠭᠰᠡᠨ ᠪᠠᠶᠢᠨ᠎ᠠ᠃              ᠣᠨᠴᠠᠭᠠᠶᠢᠯᠠᠨ 2021 ᠣᠨ ᠪ᠊ ᠠᠷᠪᠠᠨ ᠨᠢᠭᠡᠳᠦᠭᠡᠷ ᠬᠤᠭᠤᠴᠠᠭᠠᠨ ᠪ᠊ ᠳᠡᠯᠡᠬᠡᠢ ᠶᠢᠨ ᠡᠩᠬᠡ ᠲᠠᠶᠢᠪᠤᠩ ᠤᠨ ᠨᠠᠶᠢᠷᠠᠯ ᠳᠠᠭᠤᠤ ᠶᠢᠨ ᠨᠠᠶᠢᠷ ᠤᠨ ᠠᠵᠢᠯᠯᠠᠭᠠᠨ ᠳᠤ ᠴᠠᠭᠠᠨᠴᠢᠯᠠᠭᠤ ᠠᠯᠠᠱᠠ ᠶᠢᠨ ︽ᠬᠡᠶᠢᠮᠣᠷᠢᠯᠢᠭ︾ ᠮᠠᠯᠴᠢᠳ ᠤᠨ ᠨᠠᠶᠢᠷᠠᠯ ᠳᠠᠭᠤᠤ ᠶᠢᠨ ᠪᠦᠯᠭᠦᠮ ᠢᠶᠠᠨ ᠳᠠᠭᠠᠭᠤᠯᠤᠨ ᠣᠷᠣᠯᠴᠠᠭᠠᠳ ᠰᠢᠯᠢᠳᠡᠭ ᠪᠦᠯᠭᠦᠮ ᠤᠨ ᠱᠠᠩᠨᠠᠯ ᠂ ᠵᠣᠬᠢᠶᠠᠨ ᠪᠠᠶᠢᠭᠤᠯᠤᠭᠰᠠᠨ ᠱᠠᠩᠨᠠᠯ ᠪᠣᠯᠣᠨ ᠰᠢᠯᠢᠳᠡᠭ ᠤᠳᠤᠷᠢᠳᠤᠭᠠᠴᠢ ᠶᠢᠨ ᠱᠠᠩᠨᠠᠯ ᠢ ᠵᠡᠷᠭᠡᠪᠡᠷ ᠲᠤᠰᠴᠤ᠂ ᠠᠯᠠᠱᠠ ᠠᠷᠠᠳ ᠤᠨ ᠳᠠᠭᠤᠤ ᠪᠤᠯᠬᠤ ︽ᠥᠭᠡᠳᠡᠯᠡᠵᠦ ᠭᠠᠷᠤᠯ᠎ᠠ ᠥᠷᠭᠡᠨ ᠰᠠᠶᠢᠬᠠᠨ ᠠᠯᠠᠱᠠ︾ ᠬᠡᠮᠡᠬᠦ ᠳᠠᠭᠤᠤ ᠶᠢ ᠳᠡᠯᠡᠬᠡᠢ ᠶᠢᠨ ᠤᠷᠠᠯᠢᠭ ᠤᠨ ᠲᠠᠶᠢᠰᠠᠨ᠎ᠠ ᠳᠠᠭᠤᠯᠠᠵᠤ᠂ ᠲᠦᠮᠡᠨ ᠪ᠊ ᠰᠣᠨᠣᠷ ᠲᠤ ᠬᠦᠷᠭᠡᠭᠰᠡᠨ ᠶᠤᠮ᠃ 2019 ᠣᠨ ᠎ ᠳᠤ ᠮᠣᠩᠭᠤᠯ ᠤᠯᠤᠰ ᠤᠨ ᠤᠯᠠᠭᠠᠨᠪᠠᠭᠠᠲᠤᠷ ᠬᠤᠲᠠᠨ᠎ᠠ ᠪᠣᠯᠤᠭᠰᠠᠨ ᠮᠣᠩᠭᠤᠯ ᠬᠢᠲᠠᠳ ᠤᠨ ᠨᠠᠶᠢᠷᠠᠮᠳᠠᠯᠲᠤ ᠬᠠᠷᠢᠴᠠᠭᠠᠨ ᠳᠤ ᠵᠣᠬᠢᠶᠠᠨ ᠪᠠᠶᠢᠭᠤᠯᠤᠭᠳᠠᠵᠤ ᠪᠦᠬᠦᠢ ᠤᠯᠠᠨ ᠤᠯᠤᠰ ᠤᠨ ᠠᠬᠠᠮᠠᠳ ᠤᠷᠠᠯᠢᠭ ᠤᠨ ︽ᠡᠭᠡᠰᠢᠭᠯᠡᠩᠳᠤ ᠠᠶᠠᠯᠭᠤ · 2019︾ ᠤᠷᠤᠯᠳᠤᠭᠠᠨ ᠳᠤ ᠨᠢᠭᠡᠳᠦᠭᠡᠷ ᠪᠠᠶᠢᠷᠢ ᠶᠢ ᠡᠵᠡᠯᠡᠭᠰᠡᠨ ᠵᠡᠷᠭᠡ ᠤᠯᠠᠨ ᠰᠠᠶᠢᠬᠠᠨ ᠤᠷᠠᠯᠢᠭ ᠰᠣᠶᠣᠯ ᠤᠨ ᠠᠵᠢᠯᠯᠠᠭᠠᠨ ᠪ᠊ ᠠᠮᠵᠢᠯᠲᠠ ᠪᠦᠳᠤᠮᠵᠢ ᠲᠠᠢ ᠪᠢᠯᠡ᠃              ᠪᠢ ᠡᠨᠡ ᠶᠠᠪᠤᠭ᠎ᠠ ᠨᠠᠰᠤᠨ ᠳᠤ ᠵᠠᠭᠤᠭᠠᠳ ᠠᠷᠠᠳ ᠤᠨ ᠳᠠᠭᠤᠤ ᠶᠢ ᠳᠠᠭᠤᠯᠠᠵᠤ ᠰᠤᠷᠤᠬᠰᠠᠨ ᠶᠤᠮ᠃ ᠮᠢᠨᠤ ᠠᠷᠠᠳ ᠤᠨ ᠳᠠᠭᠤᠤ ᠶᠢᠨ ᠪᠠᠭᠰᠢ ᠪᠣᠯ ᠮᠠᠨ ᠪ᠊ ᠨᠤᠲᠤᠭ ᠤᠨ ᠠᠬᠠᠮᠠᠳ ᠪᠤᠭᠤᠷᠤᠯᠴᠤᠳ᠂ ᠠᠪᠤ ᠡᠵᠢ ᠬᠤᠶᠠᠷ ᠮᠢᠨᠢ ᠪᠣᠯᠣᠨ᠎ᠠ᠃ ᠰᠡᠭᠦᠯᠡᠷ ᠨᠢ ᠳᠡᠭᠡᠷ᠎ᠡ ᠵᠠᠭᠤᠨ ᠪ᠊ ᠨᠠᠶᠠᠭᠠᠳ ᠣᠨ ᠳᠤ ᠪᠢ ᠠᠯᠠᠱᠠ ᠨᠤᠲᠤᠭ ᠤᠨ ᠨᠡᠷᠡᠳᠤ ᠠᠷᠠᠳ ᠎ ᠤᠨ ᠳᠠᠭᠤᠴᠢᠨ ᠷᠢᠭᠵᠢᠳᠮ᠎ᠡ ᠭᠤᠸᠠᠢ ᠠᠴᠠ ᠤᠷᠳᠤ ᠶᠢᠨ ᠳᠠᠭᠤᠤ ᠰᠤᠷᠴᠤ ᠪᠠᠶᠢᠯ᠎ᠠ᠃ ᠤᠳᠤ ᠠᠯᠠᠱᠠ ᠬᠤᠱᠣᠳ ᠠᠷᠠᠳ ᠤᠨ ᠳᠠᠭᠤᠤ ᠶᠢᠨ ᠥᠪᠯᠡᠨ ᠤᠯᠠᠮᠵᠢᠯᠠᠭᠴᠢ ᠶᠢᠨ ᠬᠤᠪᠢ ᠳᠤ ᠡᠨᠡ ᠰᠠᠶᠢᠬᠠᠨ ᠥᠪ ᠰᠣᠶᠣᠯ ᠢᠶᠠᠨ ᠬᠤᠶᠢᠴᠢ ᠦᠶ᠎ᠡ ᠳᠡᠭᠡᠨ ᠶᠠᠭᠠᠬᠢᠵᠤ ᠤᠯᠠᠮᠵᠢᠯᠠᠬᠤ ᠶᠢ ᠪᠣᠳᠣᠯᠬᠢᠯᠠᠬᠤ ᠴᠢᠬᠤᠯᠠ ᠲᠠᠢ ᠪᠣᠯᠣᠭᠠᠳ ᠪᠠᠶᠢᠨ᠎ᠠ᠃ ᠮᠠᠨ ᠪ᠊ ᠠᠷᠠᠳ ᠎ ᠤᠨ ᠳᠠᠭᠤᠤ ᠪᠠᠨ ᠵᠠᠪᠠᠯ ᠤᠤᠯ ᠦᠨᠦᠷ ᠠᠮᠲᠠ ᠪᠠᠷ ᠨᠢ᠂ ᠳᠠᠷᠤᠢ ᠠᠷᠠᠳ ᠤᠨ ᠳᠤᠮᠳᠠ ᠳᠠᠭᠤᠯᠠᠭᠳᠠᠳᠠᠭ ᠶᠣᠰᠣᠭᠠᠷ ᠎ ᠨᠢ ᠳᠠᠭᠤᠯᠠᠬᠤ ᠬᠡᠷᠡᠭᠲᠡᠢ ᠶᠤᠮ᠃                
 
ᠢᠷᠡᠯᠲᠡ᠄ ᠠᠯᠠᠱᠠ ᠶᠢᠨ ᠡᠳᠦᠷ ᠤᠨ ᠰᠣᠨᠢᠨ᠂ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号