| ● ᠨᠠᠷᠠᠨ᠎ᠠ᠂ ᠡᠷᠳᠡᠨᠢᠬᠦᠦ | | ︽ᠬᠥᠳᠡᠭᠡ ᠶᠢᠨ ᠠᠶᠢᠯ ᠤᠳ ᠤᠨ ᠮᠠᠯ ᠤᠨ ᠮᠢᠬᠠᠨ ᠤ ᠦᠨ᠎ᠡ ᠠᠳᠠᠯᠢ ᠦᠭᠡᠢ ᠪᠠᠶᠢᠨ᠎ᠠ︾᠂ ︽ | ᠠᠮᠢᠳᠤ ᠪᠠᠷ ᠨᠢ ᠪᠥᠭᠡᠮ ᠪᠥᠭᠡᠮ ᠢᠶᠠᠷ ᠪᠣᠷᠣᠯᠠᠭᠤᠯᠬᠤ ᠳᠤ ᠦᠨ᠎ᠡ ᠨᠢ ᠤᠴᠢᠷ ᠦᠭᠡᠢ ᠳᠣᠣᠷ᠎ᠠ ᠪᠣᠯᠴᠢᠬᠠᠯ᠎ᠠ︾᠂ ︽ | ᠮᠠᠯ ᠢᠶᠠᠨ ᠨᠢᠲᠤᠯᠤᠭᠠᠳ ᠬᠡᠰᠡᠭᠯᠡᠵᠦ ᠬᠤᠳᠠᠯᠳᠤᠪᠠᠯ ᠣᠯᠵᠠᠪᠤᠷᠢ ᠲᠠᠢ ᠴᠦ ᠪᠣᠯᠪᠠ ᠤᠤ︖︾᠂ ︽ᠬᠠᠰᠢᠯᠠ | ᠬᠥᠳᠡᠭᠡ ᠨᠤᠲᠤᠭ ᠤᠨ ᠮᠠᠯ ᠤᠨ ᠮᠢᠬ᠎ᠠ ᠠᠮᠲᠠᠲᠠᠢ︾᠂ ︽ᠮᠠᠯ ᠤᠨ ᠮᠢᠬᠠᠨ ᠤ ᠦᠨ᠎ᠡ ᠪᠠᠭᠤᠷᠠᠯ᠎ᠠ︾ ᠵᠡᠷᠭᠡ ᠶᠠᠷᠢᠶ᠎ᠠ | ᠨᠢ ᠬᠥᠮᠥᠰ ᠤᠨ ᠡᠪᠦᠯ ᠤᠨ ᠠᠮᠲᠠ ᠭᠠᠷᠭᠠᠬᠤ ᠴᠠᠭ ᠤᠯᠠᠷᠢᠯ ᠤᠨ ᠬᠠᠮᠤᠭ ᠤᠨ ᠬᠠᠯᠠᠭᠤᠨ ᠵᠣᠭᠤᠭ ᠪᠣᠯᠵᠤ᠂ | ᠮᠠᠯ ᠤᠨ ᠮᠢᠬᠠᠨ ᠤ ᠦᠨ᠎ᠡ ᠬᠠᠩᠰᠢ ᠨᠢ ᠬᠥᠮᠥᠰ ᠤᠨ ᠠᠩᠬᠠᠷᠤᠯ ᠳᠤ ᠬᠦᠷᠴᠦ ᠪᠠᠶᠢᠯ᠎ᠠ᠃ ᠮᠠᠯ ᠤᠨ ᠮᠢᠬ᠎ᠠ ᠪᠠᠨ | ᠥᠨᠳᠥᠷ ᠦᠨ᠎ᠡ ᠳᠤ ᠬᠦᠷᠭᠡᠬᠦ ᠨᠢ ᠮᠠᠯᠴᠢᠳ ᠤᠨ ᠰᠠᠨᠠᠭᠠᠰᠢᠷᠠᠵᠤ ᠪᠠᠶᠢᠭ᠎ᠠ ᠲᠣᠮᠣ ᠠᠰᠠᠭᠤᠳᠠᠯ᠂ ᠮᠥᠨ ᠴᠦ | ᠲᠡᠳᠡᠨᠡᠷ ᠤᠨ ᠪᠦᠲᠦᠨ ᠵᠢᠯ ᠤᠨ ᠬᠢᠨᠢ ᠭᠦᠳᠡᠯᠮᠣᠷᠢ ᠶᠢᠨ ᠡᠷᠴᠢ ᠶᠢ ᠴᠢᠩᠭᠠᠯᠠᠬᠤ ᠬᠦᠴᠦ ᠪᠤᠯᠳᠠᠭ᠃ ᠲᠡᠶᠢᠨ ᠬᠦ | ᠰᠣᠷᠪᠤᠯᠵᠢᠯᠠᠬᠴᠢ ᠣᠯᠠᠨ ᠠᠰᠠᠭᠤᠳᠠᠯ ᠳᠤ ᠵᠣᠷᠢᠭᠤᠯᠤᠨ ᠬᠥᠳᠡᠭᠡ ᠶᠢᠨ ᠮᠠᠯ ᠤᠨ ᠮᠢᠬᠠᠨ ᠤ ᠦᠨ᠎ᠡ ᠬᠠᠩᠰᠢ ᠪᠠ | ᠵᠠᠬ᠎ᠠ ᠳᠡᠯᠭᠡᠭᠦᠷ ᠤᠨ ᠮᠠᠯ ᠤᠨ ᠮᠢᠬᠠᠨ ᠤ ᠦᠨ᠎ᠡ ᠬᠠᠩᠰᠢ ᠶᠢᠨ ᠲᠤᠬᠠᠢ ᠣᠶᠢᠯᠠᠭᠠᠵᠤ ᠰᠤᠷᠪᠤᠯᠵᠢᠯᠠᠭᠰᠠᠨ ᠶᠤᠮ᠃ | ᠠᠯᠠᠱᠠ ᠵᠡᠭᠦᠨ ᠬᠤᠰᠢᠭᠤᠨ ᠤ ᠵᠢᠷᠠᠲᠠᠢ ᠪᠠᠯᠭᠠᠰᠤᠨ ᠤ ᠪᠠᠶᠠᠨ᠋ᠠ᠋ᠭᠤᠯᠠ ᠭᠠᠴᠠᠭᠠᠨ ᠤ ᠮᠠᠰᠢᠳᠠᠯᠠᠢ᠄ ︽ | ᠠᠯᠠᠱᠠ ᠶᠢᠨ ᠬᠤᠶᠢᠲᠤ ᠪᠡᠶ᠎ᠡ ᠪᠠᠷ ᠰᠡᠷᠭᠡ ᠵᠢᠩ ᠪᠦᠷᠢ ᠳᠡᠭᠡᠨ 40 ᠲᠥᠭᠦᠷᠢᠭ᠂ ᠢᠷᠭᠡ ᠵᠢᠩ ᠪᠦᠷᠢ ᠳᠡᠭᠡᠨ 35 - | 38 ᠲᠥᠭᠦᠷᠢᠭ᠂ ᠡᠮ᠎ᠡ ᠬᠤᠨᠢ ᠵᠢᠩ ᠪᠦᠷᠢ ᠳᠡᠭᠡᠨ 33 ᠲᠥᠭᠦᠷᠢᠭ᠂ ᠡᠮ᠎ᠡ ᠢᠮᠠᠭ᠎ᠠ ᠵᠢᠩ ᠪᠦᠷᠢ ᠳᠡᠭᠡᠨ 35 | ᠲᠥᠭᠦᠷᠢᠭ ᠲᠤ ᠬᠦᠷᠴᠦ᠂ ᠡᠮᠦᠨ᠎ᠡ ᠪᠡᠶ᠎ᠡ ᠪᠠᠷ ᠰᠡᠷᠭᠡ ᠵᠢᠩ ᠪᠦᠷᠢ ᠳᠡᠭᠡᠨ 38 ᠲᠥᠭᠦᠷᠢᠭ᠂ ᠢᠷᠭᠡ ᠵᠢᠩ | ᠪᠦᠷᠢ ᠳᠡᠭᠡᠨ 33 ᠲᠥᠭᠦᠷᠢᠭ᠂ ᠡᠮ᠎ᠡ ᠬᠤᠨᠢ ᠵᠢᠩ ᠪᠦᠷᠢ ᠳᠡᠭᠡᠨ 30 ᠲᠥᠭᠦᠷᠢᠭ᠂ ᠡᠮ᠎ᠡ ᠢᠮᠠᠭ᠎ᠠ ᠵᠢᠩ | ᠪᠦᠷᠢ ᠳᠡᠭᠡᠨ 32 ᠲᠥᠭᠦᠷᠢᠭ ᠲᠤ ᠬᠦᠷᠴᠦ ᠪᠠᠶᠢᠨ᠎ᠠ︾ ᠭᠡᠵᠦ ᠪᠠᠶᠢᠪᠠ᠃ ᠮᠠᠰᠢᠳᠠᠯᠠᠢ ᠶᠢᠨ ᠬᠢᠨ 2019 | ᠣᠨ ᠠᠴᠠ ᠳᠠᠭᠢᠵᠣ ᠮᠠᠯᠵᠢᠭᠰᠠᠨ ᠠᠴᠠ ᠨᠠᠭᠠᠰᠢ ᠥᠪᠡᠷ ᠢᠶᠠᠨ ᠠᠯᠠᠱᠠ ᠵᠡᠭᠦᠨ ᠬᠤᠰᠢᠭᠤᠨ ᠤ ᠵᠢᠷᠠᠲᠠᠢ ᠪᠠᠯᠭᠠᠰᠤᠨ ᠤ | ︽ᠪᠠᠷᠠᠭᠤᠨ ᠦᠵᠦᠭᠦᠷ ᠤᠨ ᠮᠠᠯᠵᠢᠯ ᠤᠨ ᠳᠠᠯᠠᠪᠡᠢ︾ ᠶᠢ ᠭᠠᠷᠭᠠᠵᠤ᠂ ᠬᠠᠭᠠᠰ ᠪᠡᠯᠴᠢᠭᠡᠷᠯᠡᠭᠦᠯᠬᠦ ᠬᠠᠭᠠᠰ | ᠬᠠᠰᠢᠶᠠᠯᠠᠨ ᠲᠡᠵᠢᠭᠡᠬᠦ ᠮᠠᠶ᠋ᠢᠭ ᠢᠶᠠᠷ ᠪᠡᠯᠴᠢᠭᠡᠷ ᠤᠨ ᠢᠶᠠᠨ ᠬᠢᠷᠢ ᠪᠠᠷ ᠮᠠᠯᠵᠢᠭᠰᠠᠭᠠᠷ ᠢᠷᠡᠵᠡᠢ᠃ ︽ᠨᠢᠳᠤᠨᠤᠨ | ᠮᠠᠨᠠᠶᠢᠬᠢᠨ 237 ᠮᠠᠯ ᠬᠤᠳᠠᠯᠳᠤᠵᠠᠢ᠂ ᠡᠭᠦᠨ ᠠᠴᠠ ᠭᠠᠳᠠᠨ᠎ᠠ 50 ᠮᠠᠯ ᠤᠨ ᠮᠢᠬ᠎ᠠ ᠶᠢ ᠬᠠᠳᠠᠭᠠᠵᠣ | ᠬᠤᠳᠠᠯᠳᠤᠭᠰᠠᠨ᠃ ᠥᠨᠥ ᠵᠢᠯ ᠣᠳᠣᠬᠠᠨ ᠪᠤᠯᠳᠠᠯ᠎ᠠ ᠨᠢᠭᠡᠨᠲᠡ 200 ᠮᠠᠯ ᠬᠤᠳᠠᠯᠳᠤᠵᠤ᠂ ᠵᠢᠯ ᠤᠨ ᠡᠴᠦᠰ | ᠪᠤᠯᠳᠠᠯ᠎ᠠ ᠪᠣᠷᠣᠯᠠᠭᠤᠯᠤᠨ᠎ᠠ᠃ ᠮᠠᠨᠠᠶᠢᠬᠢᠨ ᠰᠡᠷᠭᠡ ᠶᠢ ᠵᠢᠩ ᠪᠦᠷᠢ ᠳᠤ 40 ᠲᠥᠭᠦᠷᠢᠭ᠂ ᠢᠷᠭᠡ ᠶᠢ ᠵᠢᠩ ᠪᠦᠷᠢ ᠳᠤ | 35 ᠲᠥᠭᠦᠷᠢᠭ᠂ ᠡᠮ᠎ᠡ ᠬᠤᠨᠢ ᠶᠢ ᠵᠢᠩ ᠪᠦᠷᠢ ᠳᠤ 33 ᠲᠥᠭᠦᠷᠢᠭ ᠢᠶᠠᠷ ᠬᠤᠳᠠᠯᠳᠤᠵᠤ ᠪᠠᠶᠢᠨ᠎ᠠ᠃ ᠨᠢᠳᠤᠨᠤᠨ | ᠪᠡᠯᠴᠢᠭᠡᠷ ᠥᠩ ᠲᠠᠢ ᠪᠠᠶᠢᠭᠰᠠᠨ᠂ ᠥᠨᠥ ᠵᠢᠯ ᠭᠠᠩᠳᠠᠭᠰᠠᠨ ᠠᠴᠠ ᠮᠠᠯᠴᠢᠳ ᠡᠪᠡᠰᠦ ᠪᠣᠷᠳᠤᠭ᠎ᠠ ᠠᠪᠬᠤ᠂ | ᠮᠠᠯ ᠢᠶᠠᠨ ᠴᠥᠭᠡᠳᠬᠡᠬᠦ ᠵᠡᠷᠭᠡ ᠰᠢᠯᠲᠠᠭᠠᠨ ᠢᠶᠠᠷ ᠮᠠᠯ ᠤᠨ ᠮᠢᠬᠠᠨ ᠤ ᠦᠨ᠎ᠡ ᠨᠢᠳᠤᠨᠤᠨ ᠢ ᠪᠤᠳᠣᠪᠠᠯ ᠳᠣᠣᠷ᠎ᠠ ᠪᠣᠯᠵᠠᠢ | ︾ ᠭᠡᠵᠦ ᠮᠠᠰᠢᠳᠠᠯᠠᠢ ᠶᠠᠷᠢᠨ᠎ᠠ᠃ ᠮᠠᠰᠢᠳᠠᠯᠠᠢ ᠠᠩᠬ᠎ᠠ ᠨᠢ ᠮᠢᠬᠠᠨ ᠤ ᠬᠤᠨᠢ ᠲᠡᠵᠢᠭᠡᠵᠦ ᠪᠠᠶᠢᠭᠰᠠᠨ ᠢᠶᠠᠨ ᠪᠡᠯᠴᠢᠭᠡᠷ | ᠣᠰᠣᠨ ᠳᠤᠨᠢ ᠲᠣᠬᠢᠷᠠᠬᠤ ᠦᠭᠡᠢ᠂ ᠣᠨᠳᠣᠷᠣᠬᠤ ᠨᠣᠷᠮ᠎ᠠ ᠨᠢ ᠳᠣᠣᠷ᠎ᠠ ᠪᠣᠯᠤᠭᠰᠠᠨ ᠢᠶᠠᠷ ᠳᠠᠭᠠᠭᠠᠴᠠ ᠰᠠᠶᠢᠲᠠᠢ | ᠣᠷᠣᠨ ᠨᠤᠲᠤᠭ ᠤᠨ ᠮᠠᠯ ᠢ ᠳᠠᠭᠢᠵᠣ ᠬᠠᠭᠠᠰ ᠪᠡᠯᠴᠢᠭᠡᠷᠯᠡᠨ ᠬᠠᠭᠠᠰ ᠬᠠᠰᠢᠶᠠᠯᠠᠨ ᠲᠡᠵᠢᠭᠡᠵᠦ ᠪᠣᠷᠣᠯᠠᠭᠤᠯᠤᠭᠰᠠᠭᠠᠷ | ᠢᠷᠡᠵᠡᠢ᠃ ᠠᠯᠠᠱᠠ ᠵᠡᠭᠦᠨ ᠬᠤᠰᠢᠭᠤᠨ ᠤ ᠴᠣᠭᠲᠤᠬᠦ᠋ᠷᠢᠶ᠎ᠡ ᠰᠤᠮᠤᠨ ᠤ ᠮᠠᠯᠴᠢᠨ ᠰᠢᠶᠧ ᠮᠥᠩᠬᠡᠪᠠᠶᠠᠷ᠄ ︽ᠡᠨᠡ | ᠵᠢᠯ ᠤᠨ ᠬᠤᠷ᠎ᠠ ᠪᠣᠷᠣᠭᠠᠨ ᠣᠷᠣᠭᠰᠠᠨ ᠴᠠᠭ ᠨᠢ ᠠᠳᠠᠯᠢ ᠦᠭᠡᠢ᠂ ᠵᠠᠷᠢᠮ ᠭᠠᠵᠠᠷ ᠥᠩ ᠲᠠᠢ ᠮᠠᠯ ᠤᠨ ᠲᠠᠷᠭᠤ | ᠬᠦᠴᠦ ᠰᠠᠶᠢᠨ ᠪᠣᠯᠬᠤᠷ ᠮᠠᠯ ᠤᠨ ᠮᠢᠬ᠎ᠠ ᠦᠨ᠎ᠡ ᠳᠤ ᠬᠦᠷᠴᠦ ᠪᠠᠶᠢᠨ᠎ᠠ᠂ ᠵᠠᠷᠢᠮ ᠭᠠᠵᠠᠷ ᠤᠨ ᠪᠡᠯᠴᠢᠭᠡᠷ ᠨᠢ | ᠬᠠᠪᠤᠷ ᠲᠠᠭᠠᠨ ᠰᠠᠶᠢᠨ᠂ ᠵᠣᠨ ᠪᠤᠯᠬᠤ ᠳᠤ ᠭᠠᠩᠳᠠᠭᠠᠳ ᠮᠠᠯ ᠲᠡᠩᠬᠡᠭᠡ ᠠᠪᠴᠤ ᠴᠢᠳᠠᠬᠤ ᠦᠭᠡᠢ᠂ ᠵᠠᠷᠢᠮ | ᠭᠠᠵᠠᠷ ᠲᠤ ᠪᠦᠲᠦᠨ ᠵᠢᠯ ᠢᠶᠠᠷ ᠪᠣᠷᠣᠭᠠᠨ ᠦᠭᠡᠢ᠂ ᠨᠠᠮᠤᠷ ᠣᠷᠣᠢ ᠪᠣᠷᠣᠭᠠᠨ ᠣᠷᠣᠬᠤ ᠪᠠᠷ ᠮᠠᠯ ᠲᠠᠷᠭᠤ ᠬᠦᠴᠦ | ᠠᠪᠴᠤ ᠴᠢᠳᠠᠬᠤ ᠦᠭᠡᠢ ᠡᠪᠦᠯ ᠪᠣᠯᠵᠤ ᠪᠠᠶᠢᠨ᠎ᠠ᠃ ᠡᠶᠢᠮᠦ ᠪᠠᠷ ᠮᠠᠯ ᠴᠦᠭᠡᠳᠡᠢ ᠨᠢ ᠲᠡᠵᠢᠭᠡᠯ ᠪᠣᠷᠳᠤᠭ᠎ᠠ ᠪᠠᠷ | ᠲᠡᠩᠬᠡᠷᠡᠭᠦᠯᠦᠭᠡᠳ ᠪᠣᠷᠣᠯᠠᠭᠤᠯᠤᠨ᠎ᠠ᠂ ᠮᠠᠯ ᠣᠯᠠᠨᠲᠠᠢ ᠨᠢ ᠠᠷᠠᠯᠵᠢᠶᠠᠴᠢᠨ ᠳᠤ ᠪᠥᠭᠡᠮ ᠢᠶᠠᠷ ᠳᠣᠣᠷ᠎ᠠ ᠦᠨ᠎ᠡ ᠪᠠᠷ | ᠪᠣᠷᠣᠯᠠᠭᠤᠯᠵᠤ ᠪᠠᠶᠢᠨ᠎ᠠ᠂ ᠮᠠᠯᠴᠢᠳ ᠴᠦ ᠠᠷᠭ᠎ᠠ ᠦᠭᠡᠢ ᠪᠠᠶᠢᠨ᠎ᠠ︾ ᠭᠡᠵᠦ ᠮᠠᠯᠴᠢᠨ ᠠᠶᠢᠯ ᠤᠳ ᠤᠨ ᠮᠠᠯ ᠤᠨ | ᠮᠢᠬᠠᠨ ᠤ ᠦᠨ᠎ᠡ ᠠᠳᠠᠯᠢ ᠦᠭᠡᠢ ᠪᠠᠶᠢᠭ᠎ᠠ ᠲᠤᠬᠠᠢ ᠡᠶᠢᠨ ᠬᠦ ᠤᠴᠢᠷᠯᠠᠨ᠎ᠠ᠃ | ᠡᠵᠡᠨ᠎ᠡ ᠬᠤᠰᠢᠭᠤᠨ ᠤ ᠳ᠋ᠦᠩᠹᠧᠩ ᠪᠠᠯᠭᠠᠰᠤᠨ ᠤ ᠭᠤᠷᠣᠨᠠᠢ ᠭᠠᠴᠠᠭ᠎ᠠ ᠶᠢᠨ ᠮᠠᠯᠴᠢᠨ ᠨᠠᠰᠤᠨᠪᠠᠭᠠᠲᠤᠷ᠄ | ︽ᠣᠶᠢᠷ᠎ᠠ ᠳᠤ ᠲᠡᠭᠷᠢ ᠬᠦᠢᠲᠡᠷᠡᠬᠦ ᠶᠢ ᠳᠠᠭᠠᠯᠳᠤᠨ ᠮᠠᠨ ᠤ ᠡ᠊ᠡᠳᠡᠭᠢ ᠶᠢᠨ ᠮᠠᠯᠴᠢᠳ ᠴᠦ ᠮᠠᠯ ᠢᠶᠠᠨ ᠪᠣᠷᠣᠯᠠᠭᠤᠯᠵᠤ | ᠶᠠᠭᠠᠷᠠᠯᠳᠤᠨ᠎ᠠ᠃ ᠰᠡᠷᠭᠡ ᠶᠢᠨ ᠮᠢᠬ᠎ᠠ ᠵᠢᠩ ᠪᠦᠷᠢ ᠳᠤ 38 - 40 ᠲᠥᠭᠦᠷᠢᠭ᠂ ᠢᠷᠭᠡ ᠶᠢᠨ ᠮᠢᠬ᠎ᠠ ᠵᠢᠩ | ᠪᠦᠷᠢ ᠳᠤ 35 ᠲᠥᠭᠦᠷᠢᠭ ᠲᠤ ᠬᠦᠷᠴᠦ ᠪᠠᠶᠢᠨ᠎ᠠ᠃ ᠮᠠᠯ ᠤᠨ ᠤᠭᠤᠴᠠ ᠳᠣᠰ ᠲᠠᠭᠠᠨ ᠦᠨ᠎ᠡ ᠥᠭᠴᠦ ᠠᠪᠳᠠᠭ᠂ | ᠨᠢᠭᠡ ᠤᠭᠤᠴᠠ ᠨᠢ 1000 - 1500 ᠲᠥᠭᠦᠷᠢᠭ ᠲᠤ ᠭᠦᠷᠳᠡᠭ᠃ ᠪᠦᠬᠦᠯᠢ ᠮᠠᠯ ᠬᠤᠳᠠᠯᠳᠤᠨ ᠠᠪᠤᠪᠠᠯ | ᠠᠰᠢᠭᠲᠠᠢ ᠶᠤᠮ ᠤᠤ ᠳ᠋ᠠ᠃ ᠨᠢᠳᠤᠨᠤᠨ ᠢ ᠪᠤᠳᠣᠪᠠᠯ ᠡᠨᠡ ᠵᠢᠯ ᠤᠨ ᠮᠠᠯ ᠤᠨ ᠮᠢᠬᠠᠨ ᠤ ᠦᠨ᠎ᠡ ᠵᠢᠭᠠᠬᠠᠨ | ᠪᠠᠭᠤᠷᠠᠵᠠᠢ᠃ ᠪᠡᠯᠴᠢᠭᠡᠷ ᠭᠠᠩᠳᠠᠵᠤ᠂ ᠮᠠᠯᠴᠢᠳ ᠲᠡᠮᠡᠭᠡ ᠮᠠᠯ ᠢᠶᠠᠨ ᠲᠡᠵᠢᠭᠡᠨ᠂ ᠡᠪᠡᠰᠦ ᠪᠣᠷᠳᠤᠭ᠎ᠠ ᠠᠪᠬᠤ | ᠱᠠᠭᠠᠷᠳᠠᠯᠭ᠎ᠠ ᠪᠠᠷ ᠣᠯᠠᠨ ᠮᠠᠯ ᠲᠠᠢ ᠠᠶᠢᠯ ᠨᠢ ᠳᠣᠩ ᠳᠣᠣᠷ᠎ᠠ ᠦᠨ᠎ᠡ ᠪᠠᠷ ᠪᠥᠭᠡᠮ ᠢᠶᠠᠷ ᠬᠤᠳᠠᠯᠳᠤᠬᠤ | ᠬᠡᠮᠵᠢᠶᠡᠨ ᠳᠤ ᠬᠦᠷᠴᠡᠢ᠃ ᠮᠠᠯᠴᠢᠳ ᠤᠨ ᠳᠤᠮᠳᠠ ᠠᠵᠤ ᠠᠮᠢᠳᠤᠷᠠᠯ ᠳᠠᠭᠠᠨ ᠡᠪᠯᠢᠭ ᠲᠤᠷᠰᠢᠯᠭ᠎ᠠ ᠲᠠᠢ ᠨᠢᠭᠡ ᠨᠢ | ᠮᠠᠯ ᠢᠶᠠᠨ ᠨᠢᠲᠤᠯᠤᠭᠠᠳ ᠰᠠᠯᠭᠠᠵᠤ ᠬᠤᠳᠠᠯᠳᠤᠭᠠᠳ ᠣᠯᠵᠠᠪᠤᠷᠢ ᠲᠠᠢ ᠶᠠᠪᠤᠵᠤ ᠪᠠᠶᠢᠭ᠎ᠠ ᠨᠢ ᠪᠠᠰᠠ ᠪᠠᠶᠢᠨ᠎ᠠ᠂ | ᠨᠡᠶᠢᠭᠡᠮ ᠤᠨ ᠣᠯᠠᠨ ᠬᠥᠮᠥᠰ ᠤᠨ ᠤᠷᠤᠰᠬᠠᠯ ᠢ ᠳᠠᠭᠠᠵᠣ ᠪᠥᠭᠡᠮ ᠢᠶᠠᠷ ᠬᠤᠳᠠᠯᠳᠤᠬᠤ ᠨᠢᠭᠡ ᠨᠢ ᠵᠢᠭᠠᠬᠠᠨ ᠠᠯᠳᠠᠵᠤ | ᠪᠠᠶᠢᠭ᠎ᠠ ᠴᠦ ᠶᠤᠮ ᠪᠣᠯᠪᠠ ᠤᠤ︾ ᠭᠡᠪᠡ᠃ | ᠠᠯᠠᠱᠠ ᠪᠠᠷᠠᠭᠤᠨ ᠬᠤᠰᠢᠭᠤᠨ ᠤ ᠪᠠᠳᠠᠢ ᠶᠢᠨ ᠵᠢᠷᠠᠨ ᠪᠠᠯᠭᠠᠰᠤᠨ ᠳᠠᠬᠢ ︽ᠶᠢᠣ ᠰᠢᠶᠠᠩ ᠮᠠᠯᠵᠢᠬᠤ | ᠣᠷᠣᠨ ᠤ ᠮᠠᠯ ᠤᠨ ᠮᠢᠬ᠎ᠠ︾ ᠶᠢᠨ ᠳᠡᠯᠭᠡᠭᠦᠷ ᠤᠨ ᠡᠵᠡᠨᠳᠡᠨ ᠼᠡᠷᠡᠨᠼᠣᠣ᠄ ︽ᠮᠠᠨ ᠤ ᠳᠡᠯᠭᠡᠭᠦᠷ ᠨᠢ ᠬᠥᠳᠡᠭᠡ ᠶᠢᠨ | ᠴᠣᠯ ᠪᠠᠶᠢᠭᠠᠯᠢᠯᠢᠭ ᠮᠠᠯ ᠤᠨ ᠮᠢᠬ᠎ᠠ ᠬᠤᠳᠠᠯᠳᠤᠳᠠᠭ᠂ ᠰᠡᠷᠭᠡ ᠵᠢᠩ ᠪᠦᠷᠢ ᠳᠤ 40 ᠲᠥᠭᠦᠷᠢᠭ᠂ ᠡᠮ᠎ᠡ ᠢᠮᠠᠭ᠎ᠠ | ᠵᠢᠩ ᠪᠦᠷᠢ ᠳᠤ 35 ᠲᠥᠭᠦᠷᠢᠭ᠂ ᠢᠷᠭᠡ ᠵᠢᠩ ᠪᠦᠷᠢ ᠳᠤ 38 ᠲᠥᠭᠦᠷᠢᠭ᠂ ᠡᠮ᠎ᠡ ᠬᠤᠨᠢ ᠵᠢᠩ ᠪᠦᠷᠢ ᠳᠤ 30- | 33 ᠲᠥᠭᠦᠷᠢᠭ ᠤᠨ ᠦᠨ᠎ᠡ ᠪᠠᠷ ᠪᠣᠷᠣᠯᠠᠭᠤᠯᠵᠤ ᠪᠠᠶᠢᠨ᠎ᠠ︾ ᠭᠡᠵᠦ ᠪᠠᠶᠢᠪᠠ᠃ ᠠᠮᠲᠠᠨ ᠤ ᠮᠢᠬ᠎ᠠ ᠭᠠᠷᠭᠠᠬᠤ ᠪᠣᠯᠪᠠᠯ | ᠮᠠᠯᠴᠢᠳ ᠮᠠᠯ ᠢᠶᠠᠨ ᠪᠣᠷᠣᠯᠠᠭᠤᠯᠬᠤ ᠭᠡᠳ ᠶᠠᠭᠠᠷᠠᠵᠤ᠂ ᠵᠠᠬ᠎ᠠ ᠶᠢᠨ ᠮᠠᠯ ᠤᠨ ᠮᠢᠬᠠᠨ ᠤ ᠦᠨ᠎ᠡ ᠬᠠᠩᠰᠢ | ᠬᠡᠯᠪᠡᠯᠵᠡᠯᠲᠡ ᠲᠠᠢ ᠪᠤᠯᠳᠠᠭ᠃ ᠲᠡᠭᠦᠨ ᠤ ᠬᠠᠮᠤᠭ ᠭᠤᠣᠯ ᠰᠢᠯᠲᠠᠭᠠᠨ ᠨᠢ ᠮᠠᠯᠴᠢᠳ ᠮᠠᠯ ᠤᠨ ᠮᠢᠬ᠎ᠠ ᠪᠠᠨ ᠭᠠᠳᠠᠭᠰᠢ | ᠭᠠᠷᠭᠠᠵᠤ ᠴᠢᠳᠠᠬᠤ ᠦᠭᠡᠢ ᠪᠠᠶᠢᠵᠤ᠂ ᠬᠡᠳᠦᠨ ᠮᠠᠯ ᠢᠶᠠᠨ ᠨᠢᠲᠤᠯᠤᠭᠠᠳ ᠪᠣᠷᠣᠯᠠᠭᠤᠯᠬᠤ ᠳᠤ ᠭᠠᠷᠬᠤ ᠦᠭᠡᠢ ᠪᠣᠯ | ᠰᠠᠨᠳᠤᠷᠤᠭᠠᠳ ᠦᠨ᠎ᠡ ᠪᠠᠨ ᠳᠣᠣᠷ᠎ᠠ ᠪᠣᠯᠭᠠᠭᠠᠳ ᠬᠤᠷᠳᠤᠬᠠᠨ ᠪᠣᠷᠣᠯᠠᠭᠤᠯᠵᠤ ᠳᠠᠭᠤᠰᠬᠠᠳᠠᠭ ᠦᠵᠡᠭᠳᠡᠯ ᠲᠠᠢ᠃ | ᠠᠷᠭ᠎ᠠ ᠤᠬᠠᠭᠠᠨ ᠰᠡᠳᠦᠵᠦ ᠮᠠᠯ ᠤᠨ ᠮᠢᠬᠠᠨ ᠤ ᠦᠨ᠎ᠡ ᠶᠢ ᠥᠨᠳᠥᠷ ᠪᠤᠯᠭᠠᠬᠤ ᠨᠢ ᠮᠠᠯᠴᠢᠳ ᠤᠨ ᠪᠠᠰᠠ ᠨᠢᠭᠡᠨ | ᠰᠢᠯᠭᠠᠯᠲᠠ ᠪᠣᠯᠵᠠᠢ᠃ | ᠠᠯᠳ᠋ᠬᠠᠤᠪᠤᠭ᠎ᠠ᠂ ᠪᠠᠶᠠᠨᠨᠢᠷᠣᠭᠤᠨ᠂ ᠥᠯᠵᠡᠢ᠂ᠢᠩᠭᠡᠨ᠂ ᠣᠯᠠᠨᠪᠤᠯᠠᠭ᠂ ᠬᠤᠩᠭᠤᠷᠡᠦ᠋ᠯᠣᠩ᠂ ᠴᠡᠩᠭᠡᠯ᠂ | ᠳᠦᠭᠦᠮ ᠵᠡᠷᠭᠡ ᠬᠤᠶᠢᠲᠤ ᠪᠡᠶ᠎ᠡ ᠶᠢᠨ ᠬᠥᠳᠡᠭᠡ ᠶᠢᠨ ᠢᠷᠭᠡ ᠰᠡᠷᠭᠡ ᠶᠢᠨ ᠮᠢᠬ᠎ᠠ ᠵᠢᠩ ᠪᠦᠷᠢ ᠳᠤ 43 - 45 | ᠲᠥᠭᠦᠷᠢᠭ᠂ ᠡᠮ᠎ᠡ ᠬᠤᠨᠢ᠂ ᠡᠮ᠎ᠡ ᠢᠮᠠᠭ᠎ᠠ ᠶᠢᠨ ᠮᠢᠬ᠎ᠠ ᠵᠢᠩ ᠪᠦᠷᠢ ᠳᠤ 35 - 40 ᠲᠥᠭᠦᠷᠢᠭ ᠲᠤ ᠬᠦᠷᠴᠦ | ᠪᠠᠶᠢᠨ᠎ᠠ᠃ ᠰᠣᠷᠪᠤᠯᠵᠢᠯᠠᠬᠴᠢ ᠠᠯᠠᠱᠠ ᠠᠶᠢᠮᠠᠭ ᠤᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ ᠠᠴᠠ | ᠣᠶᠢᠯᠠᠭᠠᠭᠰᠠᠨ ᠢᠶᠠᠷ᠂ 12 ᠰᠠᠷ᠎ᠠ ᠶᠢᠨ 15 ᠤ ᠡᠳᠦᠷ ᠠᠯᠠᠱᠠ ᠵᠡᠭᠦᠨ ᠬᠤᠰᠢᠭᠤᠨ ᠤ ᠵᠠᠬ᠎ᠠ ᠳᠡᠯᠭᠡᠭᠦᠷ ᠤᠨ | ᠮᠠᠯ ᠤᠨ ᠮᠢᠬᠠᠨ ᠤ ᠦᠨ᠎ᠡ 24.94 ᠲᠥᠭᠦᠷᠢᠭ ᠲᠤ ᠬᠦᠷᠴᠦ᠂ ᠪᠠᠶᠠᠨᠬᠤᠲᠠ ᠶᠢᠨ ᠬᠤᠸᠠ ᠶᠤᠸᠠᠨ | ᠬᠤᠳᠠᠯᠳᠤᠭᠠᠨ ᠤ ᠵᠠᠬ᠎ᠠ ᠳᠡᠯᠭᠡᠭᠦᠷ ᠲᠤ ᠢᠷᠭᠡ ᠰᠡᠷᠭᠡ ᠵᠢᠩ ᠪᠦᠷᠢ ᠳᠤ 33ᠲᠥᠭᠦᠷᠢᠭ᠂ ᠡᠮ᠎ᠡ ᠬᠤᠨᠢ᠂ ᠡᠮ᠎ᠡ | ᠢᠮᠠᠭ᠎ᠠ ᠵᠢᠩ ᠪᠦᠷᠢ ᠳᠡᠭᠡᠨ 24 ᠲᠥᠭᠦᠷᠢᠭ ᠲᠤ ᠬᠦᠷᠴᠦ ᠪᠠᠶᠢᠨ᠎ᠠ᠃ ᠪᠠᠶᠠᠨᠬᠤᠲᠠ ᠳᠠᠬᠢ ︽ᠨᠤᠲᠤᠭ ᠤᠨ ᠭᠠᠭ᠋ᠠᠢ | ᠦᠬᠡᠷ ᠬᠤᠨᠢ ᠲᠠᠬᠢᠶᠠᠨ ᠮᠢᠬ᠎ᠠ︾ ᠶᠢᠨ ᠳᠡᠯᠭᠡᠭᠦᠷ ᠨᠢ ᠪᠠᠶᠠᠨᠨᠢᠷᠣᠭᠤᠨ ᠪᠠ ᠰᠢᠯᠢᠭᠤᠣᠯ ᠤᠨ ᠬᠥᠳᠡᠭᠡᠨ ᠤ ᠮᠠᠯ ᠤᠨ | ᠮᠢᠬ᠎ᠠ ᠶᠢ ᠣᠷᠣᠭᠤᠯᠵᠤ ᠬᠤᠳᠠᠯᠳᠤᠳᠠᠭ᠃ ᠡᠵᠡᠨᠳᠡᠨ ᠯᠢ ᠣᠪᠣᠭᠲᠤ᠄ ︽ᠮᠠᠨ ᠤ ᠳᠡᠯᠭᠡᠭᠦᠷ ᠤᠨ ᠢᠷᠭᠡ ᠵᠢᠩ | ᠪᠦᠷᠢ ᠳᠤ 35 - 36 ᠲᠥᠭᠦᠷᠢᠭ ᠲᠤ ᠬᠦᠷᠴᠦ᠂ ᠡᠮ᠎ᠡ ᠬᠤᠨᠢ ᠵᠢᠩ ᠪᠦᠷᠢ ᠳᠤ 25 - 26 ᠲᠥᠭᠦᠷᠢᠭ ᠲᠤ | ᠬᠦᠷᠴᠦ ᠪᠤᠢ᠃ ᠨᠢᠳᠤᠨᠤᠨ ᠠᠴᠠ ᠨᠢᠭᠡ ᠲᠥᠭᠦᠷᠢᠭ ᠵᠥᠷᠢᠵᠦ ᠪᠠᠶᠢᠨ᠎ᠠ︾ ᠭᠡᠵᠦ ᠪᠠᠶᠢᠪᠠ᠃ | |