| ᠨᠠᠷᠠᠨ᠎ᠠ᠂ ᠡᠷᠳᠡᠨᠢᠬᠦᠦ | | ᠳᠡᠷᠡᠪᠡᠷ ᠠᠯᠠᠱᠠ ᠪᠠᠷᠠᠭᠤᠨ ᠬᠤᠰᠢᠭᠤᠨ ᠤ ᠳᠠᠩᠰᠣᠭᠪᠣᠯᠠᠭ ᠨᠣᠳᠤᠭ ᠲᠠᠢ ᠵᠠᠯᠠᠭᠤ ᠣᠷᠠᠨ ᠪᠦᠳᠦᠭᠡᠯᠴᠢ᠂ | ᠡᠭᠡᠴᠢ ᠳᠡᠬᠦᠣ ᠣᠯᠠᠨ ᠲᠠᠢ᠂ ᠠᠪᠤ ᠡᠵᠢ ᠨᠢ ᠪᠦᠷ ᠠᠷᠠᠳ ᠤᠨ ᠪᠠᠭᠰᠢ᠂ ᠬᠦᠯ ᠳᠤ ᠣᠷᠣᠭᠰᠠᠨ ᠠᠴᠠ ᠬᠤᠶᠢᠰᠢ | ᠭᠤᠪᠢ ᠨᠣᠳᠤᠭ ᠤᠨ ᠬᠦᠷᠦᠰᠦᠨ ᠳᠤ ᠨᠢᠴᠦᠬᠦᠨ ᠬᠦᠯ ᠢᠶᠠᠷ ᠬᠢᠰᠬᠢᠵᠣ᠂ ᠡᠨᠡ ᠶᠢᠷᠳᠢᠨᠴᠣ ᠶᠢᠨ ᠡᠭᠡᠯ ᠪᠣᠷᠣᠬᠠᠨ | ᠠᠮᠢᠳᠣᠷᠠᠯ ᠢᠶᠠᠨ ᠡᠬᠢᠯᠡᠬᠦᠯᠦᠭᠰᠡᠨ ᠬᠦᠮᠦᠨ᠃ ᠬᠦᠷᠰᠢ ᠠᠶᠢᠯ ᠤᠨ ᠢᠶᠠᠨ ᠭᠡᠣᠭᠡᠳ ᠤᠳ ᠲᠠᠢ ᠣᠬᠢᠯᠠᠵᠣ ᠳᠠᠭᠤᠯᠠᠵᠣ᠂ | ᠨᠠᠶᠠᠭᠠᠳ ᠣᠨ ᠤ ᠴᠠᠶᠢᠯᠭᠠᠨ ᠠᠷᠠᠳ ᠳᠦᠮᠡᠨ ᠤ ᠳᠣᠮᠳᠠ ᠣᠳᠣ ᠴᠠᠭ ᠢ ᠪᠣᠳᠣᠪᠠᠯ ᠠᠷᠠᠢ ᠳᠠᠶᠢᠯᠦᠩᠬᠦᠢ | ᠮᠣᠩᠭᠤᠯᠵᠢᠭᠤ ᠣᠷᠴᠢᠨ ᠳᠤ ᠦᠰᠦᠭᠰᠡᠨ ᠨᠢᠭᠡᠨ᠃ | ᠶᠠᠷᠢᠵᠣ ᠰᠠᠭᠤᠬᠤ ᠳᠤ᠂ ᠪᠠᠶᠢᠭ᠎ᠠ ᠨᠠᠰᠣᠨ ᠠᠴᠠ ᠪᠠᠨ ᠠᠷᠠᠢ ᠣᠪᠣᠷᠵᠢᠭᠤ ᠡᠨᠡ ᠠᠬ᠎ᠠ᠂ ᠣᠳᠣ ᠪᠣᠯᠳᠠᠯ᠎ᠠ | ᠰᠠᠶᠢᠨ ᠰᠠᠶᠢᠬᠠᠨ ᠪᠠᠶᠢᠭ᠎ᠠ ᠮᠢᠨᠢ ᠣᠯᠠᠨ ᠬᠦᠮᠣᠰ ᠲᠤ ᠪᠠᠰᠠ ᠶᠠᠭᠤᠮ᠎ᠠ ᠬᠢᠵᠣ ᠶᠠᠪᠣᠭ᠎ᠠ ᠰᠢᠣ ᠭᠡᠵᠣ ᠭᠡᠯᠡᠭᠳᠡᠬᠦ | ᠪᠣᠯᠣᠭᠰᠠᠨ ᠮᠢᠨᠢ᠂ ᠨᠣᠳᠤᠭ ᠤᠨ ᠠᠭᠤᠯᠠ ᠣᠰᠣ᠂ ᠣᠪᠣᠭ᠎ᠠ ᠬᠠᠶᠢᠷᠬᠠᠳ᠂ ᠬᠢᠵᠠᠭᠠᠷ ᠨᠢ ᠬᠠᠷᠠᠭᠳᠠᠬᠤ ᠦᠭᠡᠢ | ᠭᠤᠪᠢ᠂ ᠬᠦᠢᠳᠡᠨ ᠬᠠᠯᠠᠭᠤᠨ ᠳᠣᠳᠣᠷᠬᠠᠢ ᠳᠦᠷᠪᠡᠨ ᠴᠠᠭ᠂ ᠦᠪᠡᠷ ᠤᠨ ᠢᠶᠠᠨ ᠭᠡᠣᠭᠡᠳ ᠢ ᠥᠮᠥᠭᠡᠷᠡᠵᠦ ᠦᠵᠡᠭᠡ | ᠦᠭᠡᠢ ᠰᠠᠶᠢᠬᠠᠨ ᠰᠡᠳᠬᠢᠯ ᠲᠠᠢ ᠰᠠᠶᠢᠬᠠᠨ ᠵᠠᠩ ᠠᠷᠠᠨᠰᠢᠨ ᠲᠠᠢ ᠨᠢᠭᠡᠨ ᠦᠶ᠎ᠡ ᠶᠢᠨ ᠬᠦᠮᠣᠰ ᠤᠨ ᠦᠭᠬᠦᠭᠡᠵᠢ ᠪᠠᠨ | ᠦᠭᠴᠣ ᠪᠠᠶᠢᠭᠰᠠᠨ ᠤ ᠬᠢ ᠭᠡᠵᠣ ᠶᠠᠷᠢᠵᠣ ᠪᠢᠯᠡ᠃ ᠣᠬᠤᠷᠬᠠᠨ ᠳᠦᠷᠪᠡᠨ ᠵᠢᠯ ᠤᠨ ᠬᠤᠭᠤᠴᠠᠭᠠᠨ ᠳᠤ ᠠᠷᠠᠳ | ᠳᠦᠮᠡᠨ ᠳᠡᠭᠡᠨ ᠬᠦᠷᠳᠡᠭᠡᠯ ᠪᠣᠯᠬᠤ ᠶᠡᠭᠡ ᠪᠠᠭ᠎ᠠ ᠣᠷᠠᠨ ᠰᠠᠶᠢᠬᠠᠨ ᠤ ᠳᠣᠭᠯᠠᠯᠳᠠ ᠳᠤ 1000 ᠣᠷᠴᠢᠮ ᠣᠳᠠᠭ᠎ᠠ | ᠳᠣᠭᠯᠠᠵᠣ᠂ ᠳᠡᠬᠦᠨ ᠤ ᠳᠣᠳᠣᠷ᠎ᠠ ᠠᠯᠠᠱᠠ ᠠᠶᠢᠮᠠᠭ ᠤᠨ ᠵᠠᠰᠠᠭ ᠵᠠᠬᠢᠷᠭᠠᠨ ᠤ ᠠᠯᠠᠱᠠ ᠣᠷᠣᠨ ᠨᠣᠳᠤᠭ ᠢᠶᠠᠨ | ᠭᠠᠳᠠᠭᠠᠳᠣ ᠳᠤ ᠰᠣᠷᠳᠠᠯᠴᠢᠯᠠᠬᠤ ᠦᠢᠯᠡ ᠠᠵᠢᠯᠯᠠᠭ᠎ᠠ᠂ ᠳᠦᠪ᠂ ᠦᠪᠡᠷᠳᠡᠭᠡᠨ ᠵᠠᠰᠠᠬᠤ ᠣᠷᠣᠨ ᠤ ᠭᠤᠣᠯᠯᠠᠬᠤ | ᠦᠵᠡᠯ ᠰᠠᠨᠠᠭ᠎ᠠ ᠶᠢ ᠣᠷᠣᠨ ᠨᠣᠳᠤᠭ ᠲᠠᠭᠠᠨ ᠣᠷᠠᠯᠢᠭ ᠤᠨ ᠭᠡᠯᠪᠡᠷᠢ ᠪᠠᠷ ᠰᠣᠷᠳᠠᠯᠴᠢᠯᠠᠬᠤ᠂ ᠣᠯᠠᠭᠠᠨᠮᠦ᠋ᠴᠢᠷ ᠤᠨ | ᠣᠯᠠᠮᠵᠢᠯᠠᠯᠳᠣ ᠣᠯᠠ ᠮᠦᠷ ᠤᠨ ᠳᠠᠭᠠᠣ ᠮᠠᠯᠴᠢᠨ ᠳᠦᠮᠡᠨ ᠤ ᠪᠠᠨ ᠳᠣᠮᠳᠠ ᠬᠦᠨᠵᠡᠭᠡᠶᠢᠷᠡᠬᠦ ᠭᠡᠬᠦ ᠣᠯᠠᠨ | ᠳᠦᠷᠦᠯ ᠤᠨ ᠳᠣᠭᠯᠠᠯᠳᠠ ᠣᠷᠠᠨ ᠰᠠᠶᠢᠬᠠᠨ ᠳᠤ ᠪᠡᠶ᠎ᠡ ᠪᠠᠷ ᠢᠶᠠᠨ ᠳᠠᠶᠢᠴᠢᠯᠠᠨ ᠣᠷᠣᠯᠴᠠᠭᠰᠠᠨ ᠭᠡᠳᠡᠭ ᠢᠶᠠᠨ | ᠪᠠᠭ᠋ᠠᠷᠬᠠᠨ ᠶᠠᠷᠢᠵᠣ ᠪᠠᠶᠢᠯ᠎ᠠ᠃ ᠪᠠᠰᠠ ᠣᠯᠠᠨ ᠳᠦᠷᠦᠯ ᠤᠨ ᠮᠡᠷᠭᠡᠵᠢᠯ ᠢᠶᠠᠷ ᠠᠵᠢᠯᠯᠠᠳᠠᠭ ᠬᠦᠮᠦᠨ ᠪᠣᠯᠬᠤᠷ ᠴᠠᠭ ᠵᠠᠪ | ᠮᠠᠭᠤᠳᠠᠢ ᠶᠠᠪᠣᠭ᠎ᠠ ᠪᠠᠨ ᠶᠠᠷᠢᠭᠰᠠᠨ᠃ | ᠳᠦᠢᠮᠣ ᠳᠣᠷᠠᠳᠬᠤ ᠳᠤ ︽ᠮᠢᠨᠣ ᠣᠯᠠᠭᠠᠨᠮᠦ᠋ᠴᠢᠷ︾ ᠭᠡᠬᠦ ᠺᠢᠨᠤ᠋ ᠵᠣᠬᠢᠶᠠᠯ ᠢ 7 ᠰᠠᠷ᠎ᠠ ᠶᠢᠨ ᠬᠤᠭᠤᠴᠠᠭᠠᠨ ᠳᠤ | ᠪᠢᠴᠢᠵᠣ ᠳᠠᠭᠤᠰᠬᠠᠭᠠᠳ ᠪᠠᠶᠢᠭ᠎ᠠ᠂ ︽ᠠᠯᠠᠱᠠ ᠬᠤᠷᠢᠮ ᠤᠨ ᠬᠠᠳᠠᠭ ᠳᠠᠳᠠᠬᠤ ᠶᠣᠰᠣᠨ︾ ᠭᠡᠮᠡᠬᠦ ᠳᠠᠶᠢᠰᠠᠨ ᠤ | ᠵᠦᠴᠦᠭᠡ ᠶᠢᠨ ᠳᠠᠪᠳᠡᠷ᠂ ︽ᠠᠬ᠎ᠠ ᠳᠡᠬᠦᠣ ᠭᠤᠷᠪᠠᠭᠤᠯᠠ︾ ᠭᠡᠬᠦ ᠬᠤᠱᠣᠩ ᠱᠤᠭ ᠵᠦᠴᠦᠭᠡ ᠶᠢ ᠨᠠᠶᠢᠵᠠ | ᠨᠢᠮ᠎ᠠ ᠲᠠᠢ ᠪᠠᠨ ᠴᠤᠭ ᠲᠠᠭᠠᠨ ᠳᠠᠭᠤᠰᠬᠠᠵᠣ᠂ ᠴᠠᠭᠠᠨ ᠰᠠᠷ᠎ᠠ ᠶᠢᠨ ᠦᠳᠡᠰᠢᠯᠡᠭᠡ ᠪᠠᠷ ᠮᠣᠩᠭᠤᠯ ᠳᠦᠮᠡᠨ ᠤ ᠪᠠᠨ | ᠬᠦᠷᠳᠡᠭᠡᠯ ᠪᠣᠯᠭᠠᠭᠰᠠᠨ ᠪᠠᠶᠢᠳᠠᠭ᠃ ︽ᠵᠠᠮ ᠳᠤ ᠭᠠᠷᠤᠶ᠎ᠠ︾ ᠭᠡᠬᠦ ᠬᠤᠯᠪᠣᠭ᠎ᠠ ᠪᠢᠴᠢᠵᠣ ᠨᠠᠶᠢᠷᠠᠭᠤᠯᠣᠭᠰᠠᠨ᠂ ︽ | ᠭᠤᠪᠢ ᠶᠢᠨ ᠦᠷᠯᠦᠭᠡ︾ ᠭᠡᠬᠦ ᠳᠠᠭᠤᠣ ᠲᠠᠢ ᠪᠦᠵᠢᠭ᠂ ︽ᠵᠢᠷᠦᠭᠡᠨ ᠤ ᠦᠨᠳᠦᠷᠭᠡᠨ ᠠᠭᠤᠯᠠ︾᠂ ︽ | ᠳᠠᠩᠰᠣᠭᠪᠣᠯᠠᠭ ᠮᠢᠨᠣ ᠨᠣᠳᠤᠭ︾᠂ ︽ᠨᠠᠰᠣᠨ ᠤ ᠳᠣᠷᠠᠰᠣᠮᠵᠢ︾᠂ ︽ᠬᠤᠶᠠᠷ ᠡᠷᠳᠡᠨᠢ︾᠂ ︽ᠮᠢᠨᠣ ᠠᠪᠤ ᠮᠢᠨᠣ | ᠪᠣᠷᠬᠠᠨ︾᠂ ︽ᠦᠨᠳᠦᠷᠯᠢᠭ ᠤᠨ ᠮᠣᠩᠭᠤᠯᠴᠣᠳ︾᠂ ︽ᠡᠩᠭᠡ ᠮᠦᠩᠭᠡ ᠶᠢᠨ ᠬᠤᠱᠣᠳ ᠨᠣᠳᠤᠭ︾᠂ ︽ᠮᠢᠨᠣ | ᠣᠯᠠᠭᠠᠨᠮᠦ᠋ᠴᠢᠷ︾᠂ ︽ᠣᠨᠴᠠ ᠶᠢᠨ ᠭᠤᠣᠯ︾᠂ ︽ᠭᠠᠶᠢᠬᠠᠯᠳᠠᠢ ᠰᠠᠨᠠᠭᠳᠠᠬᠤ ᠢᠩᠭᠡᠨ ᠮᠢᠨᠢ︾᠂ ︽ᠠᠮᠢᠨ | ᠬᠠᠶᠢᠷ᠎ᠠ ᠶᠢᠨ ᠦᠯᠦᠭᠡᠢ︾᠂ ︽ᠰᠢᠯᠢᠨᠪᠣᠯᠠᠭ ᠮᠢᠨᠢ︾᠂ ︽ᠣᠯᠠᠭᠠᠨᠮᠦ᠋ᠴᠢᠷ ᠤᠨ ᠳᠠᠩᠭᠠᠷᠢᠭ︾᠂ ︽ᠳᠠᠷᠢᠬᠦᠯᠡᠭᠴᠢ | ᠳᠠᠨ ᠳᠠᠭᠠᠨ︾ ᠭᠡᠬᠦ ᠮᠡᠳᠣ 70 ᠭᠠᠷᠤᠢ ᠲᠠᠭᠤᠤ ᠶᠢᠨ ᠣᠷᠠᠨ ᠪᠦᠳᠦᠭᠡᠯ᠂ ︽ᠠᠯᠠᠱᠠ ᠳᠣᠮᠤᠭ︾ ᠭᠡᠬᠦ ᠳᠣᠮᠣ | ᠭᠡᠯᠪᠡᠷᠢ ᠶᠢᠨ ᠳᠠᠭᠤᠯᠠᠯᠳᠣ ᠵᠦᠴᠦᠭᠡ ᠶᠢᠨ ᠭᠤᠣᠯ ᠳᠦᠷᠢ ᠂ ︽ᠬᠠᠶᠢᠷ᠎ᠠ ᠪᠠᠷ ᠠᠮᠢᠯᠠᠭᠰᠠᠨ ᠰᠠᠪᠠᠷᠳᠠᠩ︾ ᠭᠡᠬᠦ | ᠮᠣᠩᠭᠤᠯ ᠵᠦᠴᠦᠭᠡ ᠶᠢᠨ ᠭᠤᠣᠯ ᠳᠦᠷᠢ ᠪᠣᠯᠣᠨ ᠵᠦᠴᠦᠭᠡ ᠶᠢᠨ ᠨᠠᠶᠢᠷᠠᠭᠤᠯᠣᠭᠴᠢ ︽ᠵᠠᠪᠢᠳᠣ ᠨᠣᠳᠤᠭ | ᠠᠮᠣᠭᠤᠯᠠᠩ︾᠂ ︽ᠳᠠᠯ᠎ᠠ ᠨᠣᠳᠤᠭ ᠤᠨ ᠡᠷᠬᠢᠴᠡᠬᠦᠯᠦᠯ︾ ᠭᠡᠬᠦ ᠳᠠᠭᠤᠯᠠᠯᠳᠣ ᠵᠦᠴᠦᠭᠡ ᠶᠢᠨ ᠭᠤᠣᠯ ᠳᠦᠷᠢ᠂ ︽ | ᠨᠡᠬᠦᠳᠡᠯ ᠤᠨ ᠬᠤᠰᠢᠭᠤᠴᠢ︾ ᠭᠡᠬᠦ ᠬᠢᠳᠠᠳ ᠶᠠᠷᠢᠶᠠᠳᠣ ᠵᠦᠴᠦᠭᠡ ᠶᠢᠨ ᠭᠤᠣᠯ ᠳᠦᠷᠢ᠂ ︽ᠳᠣᠷᠣᠨ᠎ᠠ ᠶᠢᠨ ᠡᠭᠡ | ᠨᠣᠳᠤᠭ︾ ᠭᠡᠬᠦ ᠳᠣᠮᠣ ᠭᠡᠯᠪᠡᠷᠢ ᠶᠢᠨ ᠳᠠᠭᠤᠯᠠᠯᠳᠣ ᠵᠦᠴᠦᠭᠡ ᠶᠢᠨ ᠭᠤᠣᠯ ᠳᠦᠷᠢ᠂ ︽ᠡᠷᠢᠯᠴᠢᠨ︾᠂ ︽ᠠᠪᠴᠣ | ᠠᠮᠵᠢᠭ᠎ᠠ ᠦᠭᠡᠢ ᠮᠠᠯᠠᠭᠠᠢ︾ ᠭᠡᠬᠦ ᠺᠢᠨᠣ᠋ ᠶᠢᠨ ᠭᠤᠣᠯ ᠳᠦᠷᠢ ᠵᠡᠷᠭᠡ ᠳᠤ ᠬᠦᠴᠦᠯᠡᠨ ᠠᠵᠢᠯᠯᠠᠭᠰᠠᠨ᠃ | ᠳᠡᠷᠡᠪᠡᠷ ᠣᠷᠴᠢᠮ ᠢᠶᠠᠷ ᠽᠠᠨᠳᠠᠷ᠎ᠠ ᠪᠠᠭᠰᠢ ᠶᠢᠨ 8 ᠦᠬᠦᠯᠡᠯᠭᠡ ᠨᠠᠶᠢᠷᠠᠭᠤᠯᠭ᠎ᠠ ᠶᠢ ᠷᠠᠳᠢᠤ᠋ ᠺᠢᠨᠣ᠋ ᠶᠢᠨ ᠭᠡᠯᠪᠡᠷᠢ ᠪᠠᠷ | ᠰᠣᠨᠣᠰᠣᠭᠴᠢ ᠳᠦᠮᠡᠨ ᠳᠡᠭᠡᠨ ᠵᠣᠯᠭᠠᠭᠤᠯᠬᠤ ᠭᠡᠵᠣ ᠪᠠᠶᠢᠭ᠎ᠠ᠃ ᠳᠣᠬᠢᠷᠠᠮᠵᠢᠳᠠᠢ ᠬᠦᠭᠵᠢᠮ ᠣᠯᠬᠤ ᠳᠤ ᠬᠦᠴᠢᠷᠳᠠᠢ | ᠪᠠᠶᠢᠭ᠎ᠠ ᠣᠴᠢᠷ ᠠᠴᠠ ᠡᠨᠡ ᠠᠵᠢᠯ ᠨᠢ ᠵᠢᠭᠠᠬᠠᠨ ᠬᠤᠶᠢᠰᠢᠯᠠᠵᠣ ᠪᠠᠶᠢᠭ᠎ᠠ ᠪᠠᠨ ᠭᠡᠯᠡᠵᠣ ᠪᠠᠶᠢᠯ᠎ᠠ᠃ | ᠰᠢᠨ᠎ᠡ ᠤᠨ ᠤ ᠪᠣᠱᠣᠭᠠᠨ ᠳᠡᠭᠡᠷ᠎ᠠ᠂ ᠣᠯᠠᠭᠠᠨᠪᠠᠭᠠᠳᠣᠷ ᠮᠠᠨᠢ ᠠᠯᠠᠱᠠ ᠣᠯᠠᠭᠠᠨᠮᠦ᠋ᠴᠢᠷ ᠤᠨ ᠭᠡᠰᠡᠭ | ᠵᠠᠯᠠᠭᠤᠴᠣᠳ ᠢᠶᠠᠨ ᠳᠠᠭᠠᠭᠤᠯᠵᠣ ᠣᠯᠠᠨᠪᠣᠯᠠᠭ ᠰᠣᠮᠣᠨ ᠠᠴᠠ ᠪᠠᠷᠠᠭᠤᠨᠰᠢ ᠠᠶᠠᠯᠠᠵᠣ᠂ ᠳᠠᠩᠰᠣᠭᠪᠣᠯᠠᠭ ᠰᠣᠮᠣᠨ ᠤ | ᠬᠤᠰᠢᠭᠤᠴᠢ ᠭᠠᠴᠠᠭ᠎ᠠ ᠶᠢ ᠵᠣᠷᠢᠬᠤ ᠳᠦᠰᠦᠪ ᠲᠠᠢ ᠪᠠᠶᠢᠭ᠎ᠠ ᠶᠤᠮ ᠪᠠᠶᠢᠨ᠎ᠠ᠃ ᠳᠡᠷᠡᠪᠡᠷ ᠵᠠᠮ ᠳᠤ ᠳᠠᠭᠠᠷᠠᠯᠳᠣᠭᠰᠠᠨ | ᠠᠶᠢᠯ ᠤᠳ ᠢᠶᠠᠷ ᠣᠷᠣᠵᠣ᠂ ᠳᠠᠭᠤᠣ ᠬᠦᠭᠵᠢᠮ᠂ ᠪᠦᠵᠢᠭ ᠳᠦᠷᠦᠬᠦᠣ ᠲᠠᠢ ᠣᠷᠠᠯᠢᠭ ᠤᠨ ᠵᠡᠮᠰᠡᠭ ᠢᠶᠠᠨ ᠣᠯᠠᠨ | ᠳᠦᠮᠡᠨ ᠳᠤ ᠳᠦᠭᠡ ᠵᠠᠢ ᠦᠭᠡᠢ ᠬᠦᠷᠭᠡᠵᠣ᠂ ᠵᠠᠮ ᠵᠠᠭᠤᠷ᠎ᠠ ᠳᠠᠭᠠᠷᠠᠯᠳᠣᠬᠤ ᠠᠭᠤᠯᠠ ᠳᠣᠯᠣᠭᠠᠳ᠂ ᠬᠠᠪᠣᠷ ᠤᠨ | ᠭᠤᠪᠢ ᠠᠴᠠ ᠣᠷᠠᠯᠢᠭ ᠤᠨ ᠡᠷᠴᠢ ᠬᠦᠴᠣ ᠣᠩᠭᠤᠳ ᠣᠪᠰᠢᠭ ᠬᠤᠷᠦ᠋ᠢᠯᠠᠨ᠂ ᠰᠢᠨ᠎ᠡ ᠣᠨ ᠤ ᠠᠵᠢᠯ ᠤᠨ | ᠭᠠᠷᠤᠭ᠎ᠠ ᠪᠠᠨ ᠡᠬᠢᠯᠡᠬᠦᠯᠬᠦ ᠭᠡᠵᠣ ᠪᠠᠶᠢᠭ᠎ᠠ ᠪᠠᠨ ᠭᠡᠯᠡᠭᠰᠡᠨ᠃ ᠳᠡᠷᠡᠴᠣ ᠳᠣᠰᠣᠮ ᠢᠶᠠᠨ ᠡᠨᠡ ᠵᠢᠯ ᠳᠤ ᠳᠣᠬᠢᠶᠠᠬᠤ | ᠣᠯᠠᠨ ᠳᠦᠷᠦᠯ ᠤᠨ ᠣᠢ ᠶᠢᠨ ᠪᠠᠶᠠᠷ ᠲᠤ ᠪᠡᠯᠡᠭ ᠪᠣᠯᠭᠠᠨ ᠳᠡᠪᠰᠢᠬᠦᠯᠬᠦ ᠣᠷᠠᠨ ᠪᠦᠳᠦᠭᠡᠯ ᠭᠡᠷᠡᠭᠳᠡᠢ ᠪᠠᠶᠢᠨ᠎ᠠ ᠭᠡᠮᠡᠨ | ᠰᠠᠨᠳᠣᠷᠴᠣ ᠪᠠᠶᠢᠯ᠎ᠠ᠃ ᠡᠨᠡ ᠣᠯᠠᠨ ᠵᠦᠢᠯ ᠢ ᠬᠢᠵᠣ ᠪᠦᠳᠦᠭᠡᠬᠦ ᠳᠤ ᠳᠠᠨ ᠢ ᠶᠠᠭᠤ ᠳᠠᠶᠢᠴᠢᠯᠠᠳᠠᠭ ᠶᠤᠮ ᠪᠣᠢ ᠭᠡᠵᠣ | ᠠᠰᠠᠭᠤᠬᠤ ᠳᠤ ︽ᠬᠢᠵᠣ ᠴᠢᠳᠠᠨ᠎ᠠ ᠭᠡᠳᠡᠭ ᠣᠩᠭᠢᠷᠠᠭ᠎ᠠ ᠪᠣᠳᠣᠯ ᠳᠠᠶᠢᠴᠢᠯᠠᠳᠠᠭ ᠶᠤᠮ︾ ᠭᠡᠮᠡᠨ ᠶᠠᠷᠢᠭᠰᠠᠨ ᠶᠤᠮ᠃ | ᠴᠢᠯᠦᠭᠡᠳᠣ ᠭᠱᠠᠨ — | ᠰᠣᠷᠪᠣᠯᠵᠢᠯᠠᠭᠴᠢ᠄ ᠳᠣᠷᠠᠳᠠᠢ ᠦᠩᠭᠡ︖ | ᠣᠯᠠᠭᠠᠨᠪᠠᠭᠠᠳᠣᠷ᠄ ᠶᠠᠭᠤᠮ᠎ᠠ ᠪᠦᠬᠦᠨ ᠪᠠᠶᠢᠬᠤ ᠶᠣᠰᠣᠳᠠᠢ ᠦᠩᠭᠡᠨ ᠳᠡᠭᠡᠨ ᠰᠠᠶᠢᠬᠠᠨ᠃ | ᠰᠣᠷᠪᠣᠯᠵᠢᠯᠠᠭᠴᠢ᠄ ᠬᠠᠶᠢᠷᠠᠳᠡᠢ ᠨᠣᠮ︖ | ᠣᠯᠠᠭᠠᠨᠪᠠᠭᠠᠳᠣᠷ᠄ ᠳᠣᠷᠠᠯᠠᠵᠣ ᠣᠩᠰᠢᠭᠰᠠᠨ ᠨᠣᠮ ᠪᠦᠬᠦᠨ ᠳᠡᠭᠡᠨ ᠬᠠᠶᠢᠷᠠᠳᠠᠢ᠃ | ᠰᠣᠷᠪᠣᠯᠵᠢᠯᠠᠭᠴᠢ᠄ ᠣᠷᠠᠯᠢᠭᠴᠢᠨ ᠬᠦᠮᠦᠨ ᠭᠡᠵᠣ ᠶᠠᠮᠠᠷ ᠬᠦᠮᠦᠨ ᠢ ᠭᠡᠯᠡᠳᠡᠭ ᠪᠣᠢ︖ | ᠣᠯᠠᠭᠠᠨᠪᠠᠭᠠᠳᠣᠷ᠄ ᠡᠴᠢᠭᠡ ᠡᠭᠡ ᠶᠢᠨ ᠢᠶᠠᠨ ᠰᠠᠶᠢᠨ ᠢ ᠦᠪᠯᠡᠭᠰᠡᠨ ᠯᠠ ᠬᠦᠮᠦᠨ ᠪᠠᠶᠢᠬ᠎ᠠ᠃ | ᠰᠣᠷᠪᠣᠯᠵᠢᠯᠠᠭᠴᠢ᠄ ᠶᠡᠭᠡ ᠬᠠᠷᠠᠮᠰᠠᠭᠰᠠᠨ ᠣᠳᠠᠭ᠎ᠠ ᠪᠣᠢ ᠶᠠᠭᠤ︖ | ᠣᠯᠠᠭᠠᠨᠪᠠᠭᠠᠳᠣᠷ᠄ ᠬᠠᠷᠠᠮᠰᠠᠯ ᠠᠴᠠ ᠡᠮᠣᠨ᠎ᠡ ᠣᠬᠠᠭᠠᠷᠠᠭᠠ ᠦᠭᠡᠢ ᠳᠡᠭᠡᠨ ᠬᠠᠷᠠᠮᠰᠠᠭᠰᠠᠨ ᠳᠣᠬᠢᠶᠠᠯ | ᠵᠦᠩᠳᠡᠭᠡᠨ ᠪᠣᠢ᠃ | ᠰᠣᠷᠪᠣᠯᠵᠢᠯᠠᠭᠴᠢ᠄ ᠶᠠᠮᠠᠷ ᠬᠦᠮᠦᠨ ᠪᠠᠶᠢᠬᠤ ᠶᠢ ᠬᠦᠰᠡᠳᠡᠭ ᠶᠤᠮ ᠪᠣᠢ︖ | ᠣᠯᠠᠭᠠᠨᠪᠠᠭᠠᠳᠣᠷ᠄ ᠦᠷ᠎ᠠ ᠳᠡᠭᠡᠨ ᠡᠴᠢᠭᠡ ᠨᠢ ᠰᠢᠭ ᠡᠴᠢᠭᠡ᠂ ᠨᠣᠳᠤ᠋ ᠲᠠᠭᠠᠨ ᠡᠵᠡᠨ ᠰᠢᠭ ᠡᠵᠡᠨ ᠪᠠᠶᠢᠬᠤ ᠶᠢ | ᠬᠦᠰᠡᠳᠡᠭ᠃ | ᠰᠤᠷᠪᠤᠯᠵᠢᠯᠠᠭᠴᠢ᠄ ᠪᠠᠶᠠᠷᠯᠠᠯ᠎ᠠ︕ | |