ᠨᠠᠷᠠᠨ᠎ᠠ᠂ ᠡᠷᠳᠡᠨᠢᠬᠦᠦ | | ᠥᠯᠵᠡᠢ ᠪᠣᠭᠤᠮᠲᠠ ᠳᠤ ᠳᠦᠷ ᠪᠠᠷᠢᠭᠰᠠᠨ ᠬᠤᠶᠠᠷ ᠲᠠᠰᠤᠯᠭ᠎ᠠ ᠭᠡᠷ ᠠᠴᠠ ᠶᠡᠭᠡ ᠶᠡᠭᠡ ᠳᠠᠭᠤᠨ | ᠳᠣᠭᠤᠯᠳᠠᠨ᠂ ᠬᠠᠶᠠ ᠵᠠᠷᠢᠮ ᠬᠥᠮᠥᠰ ᠤᠨ ᠢᠨᠢᠶᠡᠯᠳᠦᠬᠦ ᠳᠠᠭᠤᠨ ᠰᠣᠨᠣᠰᠤᠭᠳᠠᠵᠤ᠂ ᠢᠦᠢ ᠹᠧᠩ ᠳ᠋ᠦᠩ | ᠬᠥᠮᠥᠰ ᠤᠨ ᠬᠤᠭᠤᠷᠣᠨᠳᠣᠭᠢ ᠡᠶᠡᠳᠡᠭᠦᠯᠭᠡ ᠶᠢᠨ ᠠᠵᠢᠯ ᠢ ᠰᠢᠢᠳᠪᠦᠷᠢᠯᠡᠵᠦ ᠶᠠᠭᠠᠷᠠᠨ᠎ᠠ᠃ ᠢᠦᠢ ᠹᠧᠩ ᠳ᠋ᠦᠩ ᠪᠣᠯ | ᠠᠯᠠᠱᠠ ᠶᠢᠨ ᠬᠢᠯᠢ ᠶᠢᠨ ᠬᠠᠮᠢᠶᠠᠷᠤᠯᠲᠠ ᠶᠢᠨ ᠰᠠᠯᠪᠤᠷᠢ ᠠᠩᠭᠢ ᠶᠢᠨ ᠥᠯᠵᠡᠢ ᠪᠣᠭᠤᠮᠲᠠ ᠶᠢᠨ ᠬᠢᠯᠢ ᠶᠢᠨ | ᠲᠣᠮᠢᠯᠠᠭᠰᠠᠨ ᠰᠠᠯᠪᠤᠷᠢ ᠶᠢᠨ ᠳᠠᠷᠤᠭ᠎ᠠ ᠶᠤᠮ᠃ | ᠲᠡᠷᠡᠪᠡᠷ ᠬᠡᠷᠡᠭ ᠢ ᠰᠢᠢᠳᠪᠦᠷᠢᠯᠡᠬᠦ ᠳᠡᠭᠡᠨ ᠨᠠᠷᠢᠨ ᠬᠢᠨᠠᠮᠠᠭᠠᠢ ᠲᠥᠪ ᠴᠢᠩᠭ᠎ᠠ ᠪᠠᠶᠢᠵᠤ᠂ ᠬᠠᠷᠢᠶ᠎ᠠ | ᠣᠷᠣᠨ ᠤ ᠪᠠᠨ ᠤᠯᠠᠨ ᠲᠦᠮᠡᠨ ᠤ ᠵᠥᠷᠢᠴᠡᠯ ᠮᠠᠷᠭᠤᠯᠳᠤᠭᠠᠨ ᠢ ᠡᠶᠡᠳᠡᠭᠦᠯᠬᠦ ᠦᠶ᠎ᠡ ᠳᠤ ᠦᠷᠭᠦᠯᠵᠢ ᠡᠶᠡᠯᠳᠡᠭ ᠢᠶᠠᠷ | ᠬᠠᠨᠳᠤᠨ᠂ ᠵᠠᠷᠢᠮ ᠲᠠᠢ ᠨᠢ ᠢᠨᠢᠶᠡᠳᠦᠮ ᠱᠤᠭ ᠭᠠᠷᠭᠠᠵᠤ ᠬᠥᠮᠥᠰ ᠤᠨ ᠰᠡᠳᠬᠢᠯ ᠰᠠᠨᠠᠭ᠎ᠠ ᠶᠢ ᠲᠠᠶᠢᠪᠤᠰᠢᠷᠠᠭᠤᠯᠵᠤ᠂ | ᠠᠵᠢᠯ ᠤᠨ ᠴᠢᠳᠠᠪᠤᠷᠢ ᠪᠠ ᠬᠠᠯᠠᠭᠤᠮᠰᠤᠭ ᠣᠪᠣᠷ ᠰᠤᠷᠲᠠᠯ ᠢᠶᠠᠷ ᠤᠯᠠᠨ ᠤ ᠬᠠᠶᠢᠷ᠎ᠠ ᠪᠠ ᠢᠲᠡᠭᠡᠯ ᠢ ᠣᠯᠵᠤ ᠶᠠᠪᠤᠨ᠎ᠠ | ᠃ | 2017 ᠣᠨ ᠳᠤ᠂ ᠥᠯᠵᠡᠢ ᠪᠣᠭᠤᠮᠲᠠ ᠶᠢᠨ ᠲᠣᠮᠢᠯᠠᠭᠰᠠᠨ ᠰᠠᠯᠪᠤᠷᠢ ᠠᠩᠬ᠎ᠠ ᠪᠠᠶᠢᠭᠤᠯᠤᠭᠳᠠᠬᠤ | ᠦᠶ᠎ᠡ ᠳᠤ᠂ ᠪᠣᠭᠤᠮᠲᠠ ᠶᠢ ᠶᠠᠭ ᠨᠡᠭᠡᠭᠡᠨ ᠬᠥᠭᠵᠢᠭᠦᠯᠬᠦ ᠱᠠᠲᠤᠨ ᠳᠤ ᠪᠠᠶᠢᠵᠤ ᠪᠢᠯᠡ᠃ ᠳᠡᠷᠡ ᠦᠶ᠎ᠡ ᠳᠤ | ᠴᠡᠷᠢᠭ ᠤᠨ ᠬᠤᠸᠠᠷᠠᠨ ᠭᠡᠵᠦ ᠪᠠᠶᠢᠬᠤ ᠦᠭᠡᠢ᠂ ᠠᠷᠠᠳ ᠤᠨ ᠴᠠᠭᠳᠠᠭ᠎ᠠ ᠨᠠᠷ ᠬᠥᠳᠡᠭᠡ ᠳᠤ ᠵᠥᠪᠭᠡᠨ ᠳᠦᠷ | ᠪᠠᠷᠢᠭᠰᠠᠨ ᠬᠤᠶᠠᠷ ᠲᠠᠰᠤᠯᠭ᠎ᠠ ᠭᠡᠷ ᠲᠤ ᠠᠵᠢᠯᠯᠠᠵᠤ ᠠᠮᠢᠳᠤᠷᠠᠵᠤ ᠪᠠᠶᠢᠵᠠᠢ᠃ 2021 ᠣᠨ ᠳᠤ᠂ ᠲᠣᠮᠢᠯᠠᠭᠰᠠᠨ | ᠰᠠᠯᠪᠤᠷᠢ ᠶᠢᠨ ᠬᠢᠨ ᠰᠢᠨ᠎ᠡ ᠠᠵᠢᠯ ᠤᠨ ᠠᠰᠠᠷ ᠲᠤ ᠨᠡᠭᠦᠨ ᠣᠷᠣᠵᠤ᠂ ᠠᠷᠠᠳ ᠤᠨ ᠴᠠᠭᠳᠠᠭ᠎ᠠ ᠨᠠᠷ 4 ᠵᠢᠯ ᠭᠠᠷᠤᠢ | ᠠᠵᠢᠯᠯᠠᠵᠤ ᠠᠮᠢᠳᠤᠷᠠᠵᠤ ᠪᠠᠶᠢᠭᠰᠠᠨ ᠳᠦᠷ ᠪᠠᠷᠢᠭᠰᠠᠨ ᠭᠡᠷ ᠠᠴᠠ ᠠᠶᠠᠷᠯᠠᠪᠠ᠃ ᠢᠦᠢ ᠹᠧᠩ ᠳ᠋ᠦᠩ ᠳᠡᠭᠡᠳᠦ | ᠱᠠᠲᠤᠨ ᠳᠤ ᠭᠤᠶᠤᠴᠢᠯᠠᠯ ᠳᠡᠪᠰᠢᠭᠦᠯᠵᠦ ᠳᠦᠷ ᠪᠠᠷᠢᠭᠰᠠᠨ ᠭᠡᠷ ᠢ ᠦᠯᠡᠳᠡᠭᠡᠨ ᠢᠷᠠᠭᠤ ᠠᠯᠳᠠᠷ ᠤᠨ ᠲᠠᠰᠤᠭ ᠪᠠ | ᠡᠶᠡᠳᠡᠭᠦᠯᠬᠦ ᠲᠠᠰᠤᠭ ᠪᠣᠯᠭᠠᠨ ᠥᠭᠡᠷᠡᠴᠢᠯᠡᠪᠡ᠃ ᠣᠳᠣ ᠡᠨᠡ ᠬᠦ ᠡᠶᠡᠳᠡᠭᠦᠯᠬᠦ ᠲᠠᠰᠤᠭ ᠤᠨ ᠬᠡᠷᠡᠮ ᠳᠡᠭᠡᠷ᠎ᠡ ᠬᠡᠮᠡᠷᠯᠢᠭ | ᠲᠤᠭ ᠲᠦᠭᠦᠷᠡᠲᠡᠯ᠎ᠡ ᠡᠯᠭᠦᠵᠡᠢ᠃ | ᠪᠣᠭᠤᠮᠲᠠ ᠶᠢᠨ ᠨᠢᠭᠡᠨ ᠪᠠᠷᠢᠯᠭ᠎ᠠ ᠶᠢᠨ ᠭᠠᠵᠠᠷ ᠲᠤ ᠠᠵᠢᠯᠯᠠᠵᠤ ᠪᠠᠶᠢᠭ᠎ᠠ ᠭᠠᠳᠠᠨ᠎ᠠ ᠣᠷᠣᠨ ᠤ | ᠠᠵᠢᠯᠴᠢᠳ ᠢᠦᠢ ᠹᠧᠩ ᠳ᠋ᠦᠩ ᠢ ᠡᠷᠢᠨ ᠣᠴᠢᠵᠤ᠂ ᠴᠠᠯᠢᠩ ᠤᠳᠠᠭᠠᠰᠢᠷᠠᠭᠤᠯᠵᠤ ᠪᠠᠶᠢᠭ᠎ᠠ ᠠᠰᠠᠭᠤᠳᠠᠯ ᠢ | ᠬᠠᠪᠰᠣᠷᠣᠨ ᠰᠢᠢᠳᠪᠦᠷᠢᠯᠡᠵᠦ ᠥᠭᠬᠦ ᠶᠢ ᠭᠤᠶᠤᠴᠢᠯᠠᠵᠠᠢ᠃ ᠠᠩᠬ᠎ᠠ ᠡᠬᠢᠯᠡᠬᠦ ᠳᠤ᠂ ᠪᠠᠷᠢᠯᠭ᠎ᠠ ᠶᠢᠨ ᠲᠠᠯ᠎ᠠ ᠶᠢᠨ ᠬᠢᠨ | ᠪᠡᠯᠡ ᠮᠥᠩᠭᠦᠨ ᠤ ᠡᠷᠭᠢᠯᠲᠡ ᠶᠢᠨ ᠠᠰᠠᠭᠤᠳᠠᠯ ᠠᠴᠠ ᠪᠣᠯᠵᠤ ᠥᠷᠢᠲᠦᠵᠦ ᠪᠠᠶᠢᠭ᠎ᠠ ᠴᠠᠯᠢᠩ ᠢ ᠥᠭᠬᠦ ᠶᠢᠨ ᠠᠷᠭ᠎ᠠ | ᠦᠭᠡᠢ ᠭᠡᠵᠦ ᠬᠠᠷᠢᠭᠤ ᠥᠭᠭᠦᠭᠰᠡᠨ ᠪᠠᠶᠢᠨ᠎ᠠ᠂ ᠡᠭᠦᠨ ᠳᠤ ᠢᠦᠢ ᠹᠧᠩ ᠳ᠋ᠦᠩ ᠡᠨᠡ ᠬᠦ ᠶᠠᠪᠤᠳᠠᠯ ᠢ ᠣᠷᠭᠢᠬᠰᠠᠨ | ᠦᠭᠡᠢ᠂ ᠦᠷᠭᠦᠯᠵᠢᠯᠡᠨ ᠰᠢᠢᠳᠪᠦᠷᠢᠯᠡᠬᠦ ᠲᠥᠰᠥᠯ ᠢ ᠭᠠᠷᠭᠠᠵᠤ᠂ ᠤᠯᠠᠨ ᠤᠳᠠᠭᠠᠨ ᠤ ᠵᠥᠪᠳᠡᠯᠴᠡᠭᠡ ᠪᠠᠷ ᠲᠠᠮᠵᠢᠨ᠂ | ᠪᠠᠷᠢᠯᠭ᠎ᠠ ᠶᠢᠨ ᠭᠠᠵᠠᠷ ᠤᠨ ᠬᠠᠷᠢᠭᠤᠴᠠᠯᠭᠠᠲᠠᠨ ᠠᠴᠠ ᠴᠠᠯᠢᠩ ᠮᠥᠩᠭᠦ ᠶᠢ ᠠᠵᠢᠯᠴᠢᠨ ᠤ ᠭᠠᠷ ᠲᠤ ᠬᠦᠷᠭᠡᠵᠦ | ᠢᠷᠡᠭᠰᠡᠨ ᠪᠠᠶᠢᠯ᠎ᠠ᠃ ᠤᠯᠠᠨ ᠢᠶᠠᠷ ᠢᠶᠠᠨ ᠵᠣᠭᠤᠰ ᠢᠶᠠᠨ ᠣᠯᠵᠤ ᠠᠪᠤᠭᠠᠳ ᠢᠦᠢ ᠹᠧᠩ ᠳ᠋ᠦᠩ ᠳᠤ ᠮᠠᠰᠢ | ᠲᠠᠯᠠᠷᠬᠠᠵᠠᠢ᠃ ᠡᠶᠢᠮᠦᠷᠬᠦᠦ ᠤᠴᠢᠷ ᠶᠠᠪᠤᠳᠠᠯ ᠢᠦᠢ ᠹᠧᠩ ᠳ᠋ᠦᠩ ᠳᠤ ᠡᠳᠦᠷ ᠳᠣᠳᠣᠮ ᠲᠣᠬᠢᠶᠠᠯᠳᠤᠨ᠎ᠠ᠃ ︽ | ᠥᠯᠵᠡᠢ ᠪᠣᠭᠤᠮᠲᠠ ᠤᠯᠠᠮ ᠢᠶᠠᠷ ᠭᠦᠷ ᠬᠥᠭᠵᠢᠶᠡᠨ ᠲᠠᠢ ᠪᠤᠯᠬᠤ ᠶᠢ ᠳᠠᠭᠠᠯᠳᠤᠨ᠂ ᠪᠢᠳᠠᠨ ᠤ ᠲᠤᠬᠠᠶᠢᠯᠠᠭᠰᠠᠨ | ᠠᠵᠢᠯ ᠤᠨ ᠬᠡᠪᠴᠢᠶ᠎ᠡ ᠴᠤ ᠲᠠᠰᠤᠷᠠᠯᠳᠡ ᠦᠭᠡᠢ ᠥᠷᠭᠡᠵᠢᠵᠦ᠂ ᠪᠣᠭᠤᠮᠲᠠ ᠶᠢᠨ ᠲᠦᠷ ᠰᠠᠭᠤᠭ᠎ᠠ ᠬᠥᠮᠥᠰ ᠢ | ᠳᠠᠩᠰᠠᠯᠠᠬᠤ᠂ ᠠᠮᠤᠷ ᠢ ᠬᠠᠮᠠᠭᠠᠯᠠᠬᠤ᠂ ᠬᠡᠷᠡᠭ ᠢ ᠰᠢᠢᠳᠪᠦᠷᠢᠯᠡᠬᠦ᠂ ᠵᠥᠷᠢᠴᠡᠯ ᠵᠠᠭᠤᠷᠠᠯᠳᠤᠭᠠᠨ ᠢ ᠡᠶᠡᠳᠡᠭᠦᠯᠬᠦ ᠶᠢ | ᠬᠠᠷᠢᠭᠤᠴᠠᠬᠤ ᠪᠠᠷ ᠪᠠᠷᠠᠬᠤ ᠦᠭᠡᠢ᠂ ᠪᠠᠰᠠ ᠤᠯᠠᠨ ᠲᠦᠮᠡᠨ ᠤ ᠡᠷᠡᠭᠦᠯ ᠬᠠᠮᠠᠭᠠᠯᠠᠭᠴᠢ᠂ ᠰᠢᠤᠳᠠᠨᠴᠢ᠂ ᠪᠠᠷᠠᠭ᠎ᠠ | ᠬᠤᠳᠠᠯᠳᠤᠭᠴᠢ᠂ ᠦᠰᠦ ᠵᠠᠰᠠᠭᠴᠢ ᠵᠡᠷᠭᠡ ᠣᠯᠠᠨ ᠲᠤᠰᠢᠶᠠᠯ ᠢ ᠬᠠᠪᠰᠤᠷᠭᠠᠨ ᠬᠠᠷᠢᠭᠤᠴᠠᠵᠤ ᠪᠠᠶᠢᠨ᠎ᠠ︾ ᠭᠡᠵᠦ | ᠢᠦᠢ ᠹᠧᠩ ᠳ᠋ᠦᠩ ᠢᠨᠢᠶᠡᠮᠰᠦᠭᠯᠡᠨ ᠶᠠᠷᠢᠨ᠎ᠠ᠃ | ᠢᠦᠢ ᠹᠧᠩ ᠳ᠋ᠦᠩ ᠡᠳᠦᠷ ᠪᠦᠷᠢ ᠠᠵᠢᠯ ᠳᠠᠭᠠᠨ ᠶᠠᠭᠠᠷᠠᠨ ᠠᠷᠠᠳ ᠲᠦᠮᠡᠨ ᠤ ᠪᠠᠨ ᠬᠠᠪᠰᠤᠷᠤᠭᠴᠢ | ᠨᠢ ᠪᠣᠯᠵᠤ ᠶᠠᠪᠤᠨ᠎ᠠ᠃ ᠳᠦᠷ ᠪᠠᠷᠢᠭᠰᠠᠨ ᠡᠶᠡᠳᠡᠭᠦᠯᠬᠦ ᠭᠡᠷ ᠤᠨ ᠡᠭᠦᠳᠡ ᠶᠢ ᠪᠣᠭᠤᠮᠲᠠ ᠶᠢᠨ ᠣᠷᠣᠨ ᠤ ᠠᠵᠢᠯᠴᠢᠳ | ᠪᠠ ᠬᠠᠷᠢᠶᠠᠲᠤ ᠣᠷᠣᠨ ᠤ ᠤᠯᠠᠨ ᠲᠦᠮᠡᠨ ᠳᠤ ᠨᠡᠭᠡᠭᠡᠵᠦ᠂ ᠬᠦᠴᠢᠷᠳᠡᠯ ᠢ ᠨᠢ ᠰᠢᠢᠳᠪᠦᠷᠢᠯᠡᠨ ᠥᠭᠭᠦᠨ᠎ᠡ᠃ ᠢᠦᠢ | ᠹᠧᠩ ᠳ᠋ᠦᠩ ᠢ ᠡᠷᠢᠪᠡᠯ ᠯᠠᠪᠲᠠᠢ ᠬᠠᠪᠰᠣᠷᠣᠯᠭ᠎ᠠ ᠥᠭᠭᠦᠨ᠎ᠡ ᠭᠡᠵᠦ ᠤᠯᠠᠨ ᠢᠶᠠᠷ ᠢᠶᠠᠨ ᠪᠦᠷ ᠪᠠᠲᠤ ᠢᠲᠡᠭᠡᠳᠡᠭ ᠠᠵᠠᠢ | ᠃ | |