ᠨᠢᠭᠡ ᠵᠠᠬ᠎ᠠ ᠴᠢᠰᠴᠡᠦ ᠲᠡᠷᠯᠢᠭ ᠠᠴᠠ ᠡᠭᠦᠰᠦᠭᠰᠡᠨ ᠦᠯᠢᠭᠡᠷ
ᠨᠡᠶᠢᠲᠡᠯᠡᠭᠰᠡᠨ ᠴᠠᠭ᠄
2024/12/30
                                      ᠡᠷᠳᠡᠨᠢᠠ᠋ᠭᠤᠯᠠ᠂ ᠡᠷᠳᠡᠨᠢᠬᠦᠦ                            ᠠᠯᠠᠱᠠ ᠵᠡᠭᠦᠨ ᠬᠤᠰᠢᠭᠤᠨ ᠤ ᠠᠵᠠᠲᠠᠢ ᠮᠣᠩᠭᠤᠯ ᠬᠤᠪᠴᠠᠰᠤ ᠵᠠᠰᠠᠯ ᠤᠨ ᠬᠢᠵᠠᠭᠠᠷᠲᠤ ᠺᠤᠮᠫᠠᠨᠢ ᠶᠢᠨ ᠡᠵᠡᠨ ᠨᠠᠷᠠᠨᠴᠡᠴᠡᠭ ᠨᠢᠭᠡ ᠵᠠᠬ᠎ᠠ ᠬᠥᠬᠡ ᠥᠩᠭᠡ ᠶᠢᠨ ᠴᠢᠰᠴᠡᠦ ᠲᠡᠷᠯᠢᠭ ᠢ ᠬᠠᠳᠠᠭᠠᠯᠠᠵᠤ ᠪᠠᠶᠢᠳᠠᠭ᠃ ︽ᠡᠨᠡ ᠲᠡᠷᠯᠢᠭ ᠢ ᠨᠠᠭ᠎ᠠ ᠡᠮᠡᠭᠡ ᠮᠢᠨᠢ ᠵᠠᠯᠠᠭᠤ ᠳᠠᠭᠠᠨ ᠡᠮᠦᠰᠴᠦ ᠪᠠᠶᠢᠭᠰᠠᠨ ᠭᠡᠳᠡᠭ᠃ ᠤᠳᠤ ᠪᠤᠳᠤᠪᠠᠯ ᠪᠠᠷᠤᠭ ᠵᠠᠭᠤᠨ ᠵᠢᠯ ᠤᠨ ᠲᠡᠦᠬᠡ ᠲᠠᠢ ᠪᠣᠯᠵᠤ ᠪᠠᠶᠢᠬ᠎ᠠ᠃ 1978 ᠣᠨ ᠳᠤ᠂ ᠨᠠᠮᠠᠶᠢ ᠠᠷᠪᠠᠨ ᠭᠤᠷᠪᠠᠲᠠᠢ ᠪᠠᠶᠢᠬᠤ ᠳᠤ ᠲᠣᠮᠣ ᠪᠣᠯᠣᠭᠠᠳ ᠡᠮᠦᠰ ᠭᠡᠵᠦ ᠨᠠᠭ᠎ᠠ ᠡᠮᠡᠭᠡ ᠮᠢᠨᠢ ᠥᠭᠭᠦᠭᠰᠡᠨ᠃ ᠡᠨᠡ ᠲᠡᠷᠯᠢᠭ ᠢ ᠪᠢ ᠳᠥᠴᠢᠭᠡᠳ ᠵᠢᠯ ᠬᠠᠳᠠᠭᠠᠯᠠᠵᠤ᠂ ᠬᠤᠱᠣᠳ ᠲᠡᠷᠯᠢᠭ ᠤᠨ ᠲᠤᠬᠠᠢ ᠤᠯᠠᠨ ᠠᠷᠪᠢᠨ ᠶᠠᠭᠤᠮ᠎ᠠ ᠶᠢ ᠮᠡᠳᠡᠵᠦ ᠣᠶᠢᠯᠠᠭᠠᠭᠰᠠᠨ ᠶᠤᠮ᠃ ᠮᠥᠨ ᠴᠦ ᠡᠨᠡ ᠲᠡᠷᠯᠢᠭ ᠲᠠᠢ ᠬᠤᠯᠪᠤᠭ᠎ᠠ ᠲᠠᠢ ᠦᠯᠢᠭᠡᠷ ᠤᠴᠢᠷ ᠤᠳ ᠨᠠᠮᠠᠶᠢ ᠦᠢᠯᠡ ᠤᠲᠠᠰᠤᠨ ᠤ ᠠᠵᠢᠯ ᠳᠤ ᠳᠤᠷᠠᠲᠠᠢ ᠪᠣᠯᠭᠠᠨ᠂ ᠬᠤᠵᠢᠮ ᠨᠢ ᠦᠨᠳᠦᠰᠦᠲᠡᠨ ᠤ ᠬᠤᠪᠴᠠᠰᠤ ᠵᠠᠰᠠᠯ ᠤᠨ ᠠᠵᠢᠯ ᠢ ᠡᠷᠭᠢᠯᠡᠵᠦ᠂ ᠥᠪᠡᠷᠲᠡᠭᠡᠨ ᠵᠠᠰᠠᠬᠤ ᠣᠷᠣᠨ ᠤ ᠳᠡᠰ ᠤᠨ ᠠᠯᠠᠱᠠ ᠬᠤᠱᠣᠳ ᠵᠠᠰᠠᠯ ᠤᠨ ᠲᠥᠯᠥᠭᠡᠯᠡᠬᠦ ᠴᠢᠨᠠᠷᠲᠠᠢ ᠥᠪᠯᠡᠨ ᠤᠯᠠᠮᠵᠢᠯᠠᠭᠴᠢ ᠪᠤᠯᠬᠤ ᠵᠠᠮ ᠳᠤ ᠣᠷᠣᠭᠤᠯᠤᠭᠰᠠᠨ ᠶᠤᠮ︾ ᠭᠡᠵᠦ ᠲᠡᠷᠯᠢᠭ ᠢᠶᠠᠨ ᠡᠪᠬᠡᠬᠦ ᠶᠢᠨ ᠳᠠᠭᠠᠤ ᠶᠠᠷᠢᠨ᠎ᠠ᠃              ᠨᠠᠷᠠᠨᠴᠡᠴᠡᠭ ᠪᠠᠭ᠎ᠠ ᠠᠴᠠ ᠪᠠᠨ ᠨᠠᠭ᠎ᠠ ᠡᠮᠡᠭᠡ ᠶᠢᠨ ᠢᠶᠠᠨ ᠬᠠᠵᠠᠭᠤ ᠳᠤ ᠥᠰᠦᠭᠰᠡᠨ ᠪᠠᠶᠢᠵᠠᠢ᠃ ᠨᠠᠭ᠎ᠠ ᠡᠮᠡᠭᠡ ᠨᠢ ᠶᠡᠭᠡ ᠤᠷᠠᠨ ᠬᠥᠮᠥᠨ᠂ ᠬᠤᠪᠴᠠᠰᠤ ᠬᠤᠨᠠᠷ ᠱᠠᠬᠠᠢ ᠭᠤᠳᠤᠯ ᠢᠶᠠᠨ ᠪᠦᠷ ᠥᠪᠡᠷ ᠲᠡᠭᠡᠨ ᠡᠰᠬᠡᠵᠦ ᠣᠶᠣᠳᠠᠭ ᠮᠥᠷᠲᠡᠭᠡᠨ ᠴᠡᠴᠡᠭ ᠰᠠᠶᠢᠬᠠᠨ ᠬᠠᠳᠬᠤᠳᠠᠭ ᠭᠡᠨ᠎ᠡ᠃ ᠨᠠᠷᠠᠨᠴᠡᠴᠡᠭ ᠤᠳᠤ ᠴᠦ ᠭᠡᠰᠡᠨ ᠨᠠᠰᠤᠲᠠᠨ ᠤ ᠴᠢᠯᠦᠭᠡᠯᠡᠭᠳᠡᠭᠰᠡᠨ ᠤ ᠳᠠᠷᠠᠭ᠎ᠠ ᠣᠶᠣᠭᠰᠠᠨ ᠬᠦᠬᠦᠷ ᠤᠨ ᠲᠡᠯᠢᠩ᠂ ᠰᠢᠷᠢᠭᠰᠡᠨ ᠭᠤᠳᠤᠯ ᠤᠨ ᠵᠤᠯᠤᠭ ᠢ ᠨᠢ ᠬᠠᠳᠠᠭᠠᠯᠠᠵᠤ ᠪᠤᠢ᠃ ᠨᠠᠷᠠᠨᠴᠡᠴᠡᠭ ᠢ ᠪᠠᠭ᠎ᠠ ᠪᠠᠶᠢᠬᠤ ᠳᠤ ᠬᠥᠮᠥᠰ ᠪᠦᠷ ᠰᠢᠨ᠎ᠡ ᠴᠠᠭ ᠤᠨ ᠣᠬᠤᠷ ᠬᠤᠪᠴᠠᠰᠤ ᠡᠮᠦᠰᠳᠡᠭ ᠪᠠᠶᠢᠭᠰᠠᠨ ᠪᠤᠯᠪᠠᠴᠦ ᠳᠠᠯᠠ ᠭᠦᠷᠦᠭᠰᠡᠨ ᠨᠠᠭ᠎ᠠ ᠡᠮᠡᠭᠡ ᠨᠢ ᠬᠠᠷᠢᠨ ᠵᠢᠯ ᠤᠨ ᠳᠦᠷᠪᠡᠨ ᠤᠯᠠᠷᠢᠯ ᠳᠤ ᠲᠡᠷᠯᠢᠭ ᠡᠮᠦᠰᠳᠡᠭ ᠲᠤᠭ᠎ᠠ ᠲᠠᠢ ᠬᠡᠳᠦᠨ ᠨᠠᠰᠤᠲᠠᠨ ᠤ ᠨᠢᠭᠡ ᠪᠠᠶᠢᠵᠠᠢ᠃ ︽ᠲᠡᠷᠯᠢᠭ ᠭᠡᠭᠴᠢ ᠰᠠᠯᠬᠢ ᠵᠢᠪᠠᠷ ᠬᠦᠢᠲᠡᠨ ᠬᠠᠯᠠᠭᠤᠨ ᠠᠴᠠ ᠠᠶᠤᠬᠤ ᠦᠭᠡᠢ ᠰᠠᠶᠢᠬᠠᠨ ᠬᠤᠪᠴᠠᠰᠤ᠃ ᠬᠤᠴᠢᠪᠠᠯ ᠭᠦᠨᠵᠢᠯᠡ᠂ ᠬᠡᠲᠦᠷᠡᠪᠡᠯ ᠳᠡᠪᠡᠯ᠂ ᠮᠣᠩᠭᠤᠯ ᠬᠥᠮᠥᠨ ᠲᠡᠷᠯᠢᠭ ᠲᠠᠢ ᠪᠠᠨ ᠪᠠᠶᠢᠭᠰᠠᠨ ᠴᠠᠭ ᠲᠤ ᠬᠡᠭᠡᠷ᠎ᠡ ᠭᠠᠳᠠᠨ᠎ᠠ ᠬᠤᠨᠣᠭᠰᠠᠨ ᠴᠤ ᠠᠵᠢᠷᠠᠬᠤ ᠦᠭᠡᠢ ᠶᠤᠮ ᠭᠡᠵᠦ ᠨᠠᠰᠤ ᠪᠠᠷ ᠢᠶᠠᠨ ᠬᠠᠵᠢᠷ ᠭᠦᠵᠢᠷ ᠠᠵᠢᠯ ᠬᠢᠵᠦ ᠶᠠᠪᠤᠭᠰᠠᠨ ᠡᠮᠡᠭᠡ ᠮᠢᠨᠢ ᠠᠷᠭᠠᠯ ᠬᠤᠷᠮᠣᠶᠢᠯᠠᠭᠠᠳ ᠶᠠᠪᠤᠬᠤ ᠵᠠᠭᠤᠷ᠎ᠠ ᠪᠠᠨ ᠶᠠᠷᠢᠵᠤ ᠪᠠᠶᠢᠭᠰᠠᠨ ᠨᠢ ᠤᠳᠤ ᠴᠦ ᠭᠡᠰᠡᠨ ᠰᠠᠨᠠᠭᠳᠠᠬᠤ ᠶᠤᠮ︾ ᠭᠡᠵᠦ ᠨᠠᠷᠠᠨᠴᠡᠴᠡᠭ ᠨᠠᠭ᠎ᠠ ᠡᠮᠡᠭᠡ ᠪᠠᠨ ᠳᠤᠷᠠᠰᠤᠨ ᠶᠠᠷᠢᠵᠤ ᠪᠠᠶᠢᠯ᠎ᠠ᠃              ︽ᠨᠠᠭ᠎ᠠ ᠡᠮᠡᠭᠡ ᠣᠶᠣᠳᠠᠯ ᠣᠶᠣᠵᠤ ᠪᠠᠶᠢᠬᠤ ᠳᠤ ᠪᠢ ᠬᠠᠵᠠᠭᠤ ᠳᠤᠨᠢ ᠰᠠᠭᠤᠭᠠᠳ᠂ ᠰᠢᠳᠡᠬᠦ᠂ ᠱᠠᠭᠯᠠᠬᠤ᠂ ᠭᠦᠪᠦᠷᠳᠡᠭᠦ᠂ ᠰᠢᠷᠢᠬᠦ᠂ ᠬᠠᠳᠬᠤᠬᠤ ᠭᠡᠬᠦᠴᠢᠯᠡᠨ ᠤᠯᠠᠨ ᠣᠶᠣᠳᠠᠯ ᠢ ᠨᠢ ᠭᠠᠶᠢᠬᠠᠨ᠂ ᠨᠢᠭᠡ ᠮᠡᠳᠡᠬᠦ ᠳᠤ ᠨᠠᠭ᠎ᠠ ᠡᠮᠡᠭᠡ ᠲᠠᠢ ᠨᠠᠭᠠᠯᠳᠤᠭᠠᠳ ᠣᠴᠢᠴᠢᠬᠠᠭᠰᠠᠨ ᠪᠠᠶᠢᠳᠠᠭ᠃ ᠴᠠᠭᠠᠰᠢ ᠪᠠᠨ ᠰᠠᠭᠤ ᠭᠡᠵᠦ ᠨᠠᠭ᠎ᠠ ᠡᠮᠡᠭᠡ ᠲᠦᠪᠡᠭᠰᠢᠶᠡᠵᠦ ᠪᠠᠶᠢᠭᠰᠠᠨ ᠨᠢ ᠴᠡᠭᠡᠵᠢᠯᠡᠭᠳᠡᠵᠦ ᠪᠠᠶᠢᠨ᠎ᠠ᠃ ᠬᠤᠵᠢᠮ ᠨᠢ ᠨᠠᠭ᠎ᠠ ᠡᠮᠡᠭᠡ︿ᠡᠨᠡ ᠬᠡᠦᠬᠡᠳ ᠣᠶᠣᠳᠠᠯ ᠳᠤ ᠳᠤᠷᠠᠲᠠᠢ ᠶᠤᠮ ᠪᠠᠶᠢᠨ᠎ᠠ﹀ᠭᠡᠳ ᠪᠠᠭ᠎ᠠ ᠪᠠᠭ᠎ᠠ ᠪᠠᠷ ᠵᠢᠭᠠᠵᠤ ᠡᠬᠢᠯᠡᠭᠰᠡᠨ ᠶᠤᠮ᠃ ᠪᠢ ᠠᠷᠪᠠᠨ ᠭᠤᠷᠪᠠᠲᠠᠢ ᠳᠠᠭᠠᠨ ᠲᠡᠭᠦᠨ ᠤ ᠡᠰᠬᠡᠭᠰᠡᠨ ᠥᠮᠥᠳᠦ ᠶᠢ ᠪᠡᠶ᠎ᠡ ᠪᠠᠨ ᠳᠠᠭᠠᠭᠠᠭᠠᠳ ᠣᠶᠣᠵᠤ ᠭᠠᠷᠭᠠᠳᠠᠭ ᠪᠣᠯᠤᠭᠰᠠᠨ᠃ ᠨᠠᠭ᠎ᠠ ᠡᠮᠡᠭᠡ ᠳᠤ ᠭᠤᠷᠪᠠ ᠳᠦᠷᠪᠡᠨ ᠲᠡᠷᠯᠢᠭ ᠲᠠᠢ ᠪᠠᠶᠢᠭᠰᠠᠨ ᠴᠦ ᠬᠡᠵᠢᠶᠡᠳᠡ ᠬᠠᠭᠤᠴᠢᠨ ᠲᠡᠷᠯᠢᠭ ᠢᠶᠠᠨ ᠰᠣᠯᠢᠵᠤ ᠡᠮᠦᠰᠳᠡᠭ ᠪᠠᠶᠢᠯ᠎ᠠ᠃ ᠡᠨᠡ ᠬᠥᠬᠡ ᠲᠡᠷᠯᠢᠭ ᠨᠢ ᠰᠢᠨᠡᠪᠲᠦᠷ ᠪᠣᠯᠬᠤᠷ ᠬᠡᠵᠢᠶᠡᠳᠡ ᠠᠪᠳᠠᠷ᠎ᠠ ᠶᠢᠨ ᠳᠣᠣᠷ᠎ᠠ ᠪᠠᠨ ᠬᠠᠳᠠᠭᠠᠯᠠᠵᠤ ᠲᠠᠯᠪᠢᠳᠠᠭ᠃ ᠪᠢ ᠲᠡᠷᠯᠢᠭ ᠡᠮᠦᠰᠴᠦ ᠦᠵᠡᠬᠦ ᠰᠠᠨ ᠭᠡᠵᠦ ᠳᠤᠷᠠᠯᠠᠳᠠᠭ ᠪᠣᠯᠬᠤᠷ ᠪᠡᠶ᠎ᠡ ᠪᠠᠨ ᠳᠠᠭᠠᠭᠠᠵᠤ ᠬᠤᠪᠴᠠᠰᠤ ᠣᠶᠣᠵᠤ ᠰᠤᠷᠤᠬᠰᠠᠨ ᠢ ᠮᠢᠨᠢ ᠵᠣᠷᠢᠭᠵᠢᠭᠤᠯᠵᠤ᠂ ᠬᠠᠶᠢᠷᠠᠲᠠᠢ ᠲᠡᠷᠯᠢᠭ ᠢᠶᠠᠨ ᠱᠠᠩᠨᠠᠵᠤ ᠥᠭᠭᠦᠭᠰᠡᠨ ᠶᠤᠮ᠃ ᠳᠡᠷᠡ ᠦᠶ᠎ᠡ ᠳᠤ ᠤᠬᠠᠭ᠎ᠠ ᠦᠭᠡᠢ ᠪᠠᠶᠠᠷᠯᠠᠭᠰᠠᠨ᠂ ᠭᠡᠪᠡᠴᠦ ᠪᠢ ᠡᠨᠡ ᠬᠦ ᠬᠤᠱᠣᠳ ᠪᠦᠰᠡᠭᠦᠢ ᠲᠡᠷᠯᠢᠭ ᠢ ᠬᠠᠶᠢᠷᠠᠯᠠᠭᠠᠳ ᠡᠮᠦᠰᠦᠭᠡᠳᠦᠢ᠂ ᠬᠠᠷᠢᠨ ᠬᠤᠵᠢᠮ ᠲᠡᠭᠦᠨ ᠢ ᠳᠠᠭᠤᠷᠢᠶᠠᠯᠭᠠᠨ᠂ ᠥᠪᠡᠷ ᠲᠡᠭᠡᠨ ᠤᠯᠠᠨ ᠵᠠᠬ᠎ᠠ ᠲᠡᠷᠯᠢᠭ ᠬᠢᠵᠦ ᠡᠮᠦᠰᠦᠶ᠎ᠡ ᠭᠡᠵᠦ ᠪᠤᠳᠤᠭᠠᠳ ᠬᠤᠷᠢᠶᠠᠵᠤ ᠬᠠᠳᠠᠭᠠᠯᠠᠭᠰᠠᠨ ᠪᠢᠯᠡ︾ ᠭᠡᠵᠦ ᠨᠠᠷᠠᠨᠴᠡᠴᠡᠭ ᠪᠠᠭ᠎ᠠ ᠶᠢᠨ ᠦᠶ᠎ᠡ ᠶᠢᠨ ᠤᠴᠢᠷ ᠢᠶᠠᠨ ᠳᠡᠯᠭᠡᠬᠦ ᠳᠤ ᠨᠢᠳᠦ ᠨᠢ ᠥᠪᠡᠷ ᠤᠨ ᠡᠷᠬᠡ ᠦᠭᠡᠢ ᠵᠠᠶᠢᠷᠲᠤᠨ᠎ᠠ᠃                          ︽ᠣᠨ ᠵᠢᠯ ᠥᠩᠭᠡᠷᠡᠨ᠂ ᠨᠡᠶᠢᠭᠡᠮ ᠤᠯᠠᠮ ᠠᠴᠠ ᠤᠯᠠᠮ ᠬᠥᠭᠵᠢᠯ᠎ᠡ᠃ ᠨᠠᠶᠠᠭᠠᠳ ᠣᠨ ᠤ ᠡᠬᠢ  ᠪᠠᠷ ᠠᠪᠤ ᠡᠵᠢ ᠨᠢᠭᠡ ᠣᠶᠣᠳᠠᠯ ᠤᠨ ᠮᠠᠰᠢᠨ ᠬᠤᠳᠠᠯᠳᠤᠨ ᠠᠪᠤᠭᠰᠠᠨ ᠶᠤᠮ᠃ ᠳᠡᠷᠡ ᠦᠶ᠎ᠡ ᠳᠤ ᠪᠢ ᠣᠶᠣᠳᠠᠯ ᠤᠨ ᠮᠠᠰᠢᠨ ᠢ ᠬᠡᠷᠡᠭᠯᠡᠵᠦ ᠰᠤᠷᠤᠬᠰᠠᠨ᠂ ᠬᠡᠳᠦᠶᠢᠪᠡᠷ ᠠᠷᠪᠠᠨ ᠳᠤᠯᠤᠭ᠎ᠠ ᠨᠠᠢᠮᠠ ᠲᠠᠢ ᠪᠠᠶᠢᠭᠰᠠᠨ ᠴᠦ ᠭᠡᠷ ᠤᠨ ᠬᠥᠮᠥᠰ ᠤᠨ ᠢᠶᠠᠨ ᠬᠤᠪᠴᠠᠰᠤ ᠬᠤᠨᠠᠷ ᠢ ᠪᠦᠷ ᠣᠶᠣᠵᠤ ᠦᠭᠳᠡᠭ ᠪᠠᠶᠢᠯ᠎ᠠ᠃ ᠮᠠᠰᠢᠨ ᠣᠶᠣᠳᠠᠯ ᠳᠡᠷᠢ ᠲᠡᠭᠰᠢ ᠪᠤᠯᠪᠠᠴᠤ ᠳᠡᠷᠡ ᠦᠶ᠎ᠡ ᠶᠢᠨ ᠬᠥᠮᠥᠨ ᠤ ᠭᠠᠷ ᠣᠶᠣᠳᠠᠯ ᠢ ᠪᠢ ᠤᠳᠤ ᠪᠤᠯᠳᠠᠯ᠎ᠠ ᠪᠢᠰᠢᠷᠡᠬᠦ ᠶᠤᠮ᠃ ᠡᠨᠡ ᠵᠠᠬ᠎ᠠ ᠲᠡᠷᠯᠢᠭ ᠢᠶᠠᠷ ᠠᠪᠴᠤ ᠬᠡᠯᠡᠪᠡᠯ ᠣᠶᠣᠳᠠᠯ ᠨᠢ ᠮᠠᠰᠢᠨ ᠣᠶᠣᠳᠠᠯ ᠰᠢᠭ᠋ ᠲᠡᠭᠰᠢ ᠰᠠᠶᠢᠬᠠᠨ ᠵᠢᠷᠠᠯᠵᠡᠵᠦ ᠬᠠᠷᠠᠭᠳᠠᠨ᠎ᠠ᠃ ᠲᠡᠷᠯᠢᠭ ᠢ ᠳᠠᠪᠬᠤᠷ ᠨᠢᠳᠦ ᠭᠠᠷᠭᠠᠨ ᠣᠶᠣᠭᠰᠠᠨ ᠪᠠᠶᠢᠪᠠ᠂ ᠡᠨᠡ ᠬᠦ ᠣᠶᠣᠳᠠᠯ ᠨᠢ ᠤᠳᠤ ᠪᠦᠷ ᠬᠠᠷᠠᠭᠳᠠᠬᠤ ᠦᠭᠡᠢ ᠪᠣᠯᠵᠠᠢ᠃ ᠴᠢᠰᠴᠡᠦ ᠪᠥᠰ ᠢᠶᠠᠷ ᠭᠠᠳᠠᠷᠯᠠᠵᠤ᠂ ᠭᠠᠷ ᠢᠶᠠᠷ ᠨᠡᠬᠡᠭᠰᠡᠨ ᠪᠥᠰ ᠢᠶᠠᠷ ᠳᠣᠲᠣᠷᠯᠠᠭᠰᠠᠨ ᠡᠨᠡ ᠲᠡᠷᠯᠢᠭ ᠣᠨ ᠰᠠᠷ᠎ᠠ ᠶᠢ ᠭᠡᠷᠡᠴᠢᠯᠡᠬᠦ ᠶᠤᠮ ᠪᠢᠯᠡ︾ ᠬᠡᠮᠡᠨ ᠲᠡᠷᠯᠢᠭ ᠢᠶᠠᠨ ᠨᠠᠨᠳᠢᠩᠨᠠᠨ ᠢᠯᠪᠢᠬᠦ ᠳᠤ ᠡᠷᠲᠡ ᠤᠵᠤᠭᠤᠷ ᠤᠨ ᠤᠯᠠᠨ ᠰᠠᠶᠢᠬᠠᠨ ᠳᠤᠷᠠᠳᠬᠠᠯ ᠨᠢ ᠭᠦᠪᠦᠷᠡᠵᠦ ᠪᠠᠶᠢᠯ᠎ᠠ᠃              ᠨᠠᠷᠠᠨᠴᠡᠴᠡᠭ ᠬᠤᠵᠢᠮ ᠨᠢ ᠬᠤᠳᠠ ᠣᠷᠣᠵᠤ ᠠ᠊ · ᠪᠦᠷᠢᠨ ᠮᠣᠩᠭᠤᠯ ᠬᠤᠪᠴᠠᠰᠤ ᠵᠠᠰᠠᠯ ᠤᠨ ᠳᠡᠯᠭᠡᠭᠦᠷ ᠲᠤ ᠠᠵᠢᠯᠯᠠᠨ᠂ ᠮᠣᠩᠭᠤᠯ ᠲᠡᠷᠯᠢᠭ ᠡᠰᠬᠡᠵᠦ ᠣᠶᠣᠬᠤ ᠲᠤᠬᠠᠢ ᠰᠢᠰᠲ᠋ᠧᠮ ᠲᠠᠢ ᠰᠤᠷᠤᠯᠴᠠᠵᠦ ᠡᠬᠢᠯᠡᠵᠡᠢ᠃ ᠳᠡᠷᠡ᠄ ︽ᠠ᠊ · ᠪᠦᠷᠢᠨ ᠪᠠᠭᠰᠢ ᠶᠢᠨ ᠵᠢᠯᠣᠭᠤᠳᠤᠯᠭ᠎ᠠ ᠪᠠᠷ ᠠᠯᠠᠱᠠ ᠶᠢᠨ ᠬᠤᠱᠣᠳ᠂ ᠲᠣᠷᠭᠤᠳ᠂ ᠬᠠᠯᠬ᠎ᠠ᠂ ᠭᠦᠢᠪᠦᠷᠢ ᠶᠢᠨ ᠢᠰᠯᠠᠮ ᠰᠢᠳᠦᠯᠭᠡᠳᠦ ᠮᠣᠩᠭᠤᠯᠴᠤᠳ ᠤᠨ ᠬᠤᠪᠴᠠᠰᠤ ᠵᠠᠰᠠᠯ ᠢ ᠣᠶᠣᠵᠤ ᠰᠤᠷᠤᠬᠰᠠᠨ᠃ ᠠᠯᠠᠱᠠ ᠬᠤᠱᠣᠳ ᠬᠤᠪᠴᠠᠰᠤ ᠵᠠᠰᠠᠯ ᠤᠨ ᠲᠤᠬᠠᠢ ᠨᠡᠩ ᠶᠡᠭᠡ ᠣᠶᠢᠯᠠᠭᠠᠯᠲᠠ ᠲᠠᠢ ᠪᠣᠯᠵᠤ᠂ ᠤᠳᠤ ᠶᠢᠨ ᠠᠵᠢᠯ ᠦᠢᠯᠡᠰ ᠢᠶᠠᠨ ᠡᠷᠭᠢᠯᠡᠭᠦ ᠳᠤ ᠰᠠᠭᠤᠷᠢ ᠲᠠᠢ ᠪᠣᠯᠤᠭᠰᠠᠨ ᠶᠤᠮ᠃ ᠮᠥᠨ ᠴᠦ ᠡᠨᠡ ᠦᠶ᠎ᠡ ᠳᠤ ᠪᠢ ᠥᠪᠡᠷ ᠢᠶᠠᠨ ᠲᠡᠷᠯᠢᠭ ᠡᠰᠬᠡᠵᠦ ᠣᠶᠣᠵᠤ ᠰᠤᠷᠬᠤ ᠰᠠᠨ ᠭᠡᠰᠡᠨ ᠪᠠᠭ᠎ᠠ ᠶᠢᠨ ᠬᠦᠰᠡᠯ ᠢᠶᠠᠨ ᠪᠡᠶᠡᠯᠡᠭᠦᠯᠵᠦ ᠴᠢᠳᠠᠵᠠᠢ︾ ᠭᠡᠵᠦ ᠵᠠᠩᠭᠢᠷᠬᠠᠨ᠎ᠠ᠃              ᠨᠠᠷᠠᠨᠴᠡᠴᠡᠭ 2008 ᠣᠨ ᠳᠤ᠂ ᠠᠵᠠᠲᠠᠢ ᠮᠣᠩᠭᠤᠯ ᠬᠤᠪᠴᠠᠰᠤᠨ ᠤ ᠣᠶᠣᠳᠠᠯ ᠤᠨ ᠭᠠᠵᠠᠷ ᠢᠶᠠᠨ ᠭᠠᠷᠭᠠᠵᠤ᠂ 2017 ᠣᠨ ᠳᠤ ᠠᠯᠠᠱᠠ ᠵᠡᠭᠦᠨ ᠬᠤᠰᠢᠭᠤᠨ ᠤ ᠠᠵᠠᠲᠠᠢ ᠮᠣᠩᠭᠤᠯ ᠬᠤᠪᠴᠠᠰᠤ ᠵᠠᠰᠠᠯ ᠤᠨ ᠬᠢᠵᠠᠭᠠᠷᠲᠤ ᠬᠠᠷᠢᠭᠤᠴᠠᠯᠭᠠᠲᠤ ᠺᠤᠮᠫᠠᠨᠢ ᠶᠢ ᠪᠠᠶᠢᠭᠤᠯᠤᠨ᠂ ︽ᠠᠵᠠᠲᠠᠢ ᠮᠣᠩᠭᠤᠯ ᠬᠤᠪᠴᠠᠰᠤ ᠵᠠᠰᠠᠯ︾ ᠲᠠᠸᠠᠷ ᠤᠨ ᠲᠡᠮᠳᠡᠭ ᠢ ᠳᠠᠩᠰᠠᠯᠠᠭᠤᠯᠵᠠᠢ᠃ ᠺᠤᠮᠫᠠᠨᠢ ᠨᠢ ᠣᠲᠣ 280 ᠲᠡᠭᠰᠢ ᠳᠥᠷᠪᠡᠯᠵᠢᠨ ᠮᠧᠲᠷ ᠳᠠᠯᠠᠪᠠᠢ ᠪᠦᠬᠦᠢ ᠬᠤᠱᠣᠳ ᠬᠤᠪᠴᠠᠰᠤ ᠵᠠᠰᠠᠯ ᠣᠶᠣᠬᠤ ᠰᠠᠭᠤᠷᠢᠨ᠂ 200 ᠲᠡᠭᠰᠢ ᠳᠥᠷᠪᠡᠯᠵᠢᠨ ᠮᠧᠲᠷ ᠳᠠᠯᠠᠪᠠᠢ ᠪᠦᠬᠦᠢ ᠪᠣᠯᠪᠠᠰᠤᠷᠠᠯ ᠤᠨ ᠰᠠᠭᠤᠷᠢᠨ᠂ 15 ᠪᠠᠶᠢᠩᠭᠤ ᠶᠢᠨ ᠠᠵᠢᠯᠲᠠᠨ ᠲᠠᠢ ᠪᠣᠯᠵᠤ ᠬᠥᠭᠵᠢᠵᠡᠢ᠃ ᠣᠶᠣᠳᠠᠯ ᠤᠨ ᠮᠠᠰᠢᠨ᠂ ᠭᠦᠪᠡᠭᠡ ᠳᠠᠷᠤᠬᠤ ᠮᠠᠰᠢᠨ᠂ ᠴᠡᠴᠡᠭ ᠬᠠᠳᠬᠤᠬᠤ ᠮᠠᠰᠢᠨ᠂ ᠢᠯᠡᠦᠷᠳᠡᠭᠦ ᠮᠠᠰᠢᠨ ᠭᠡᠬᠦᠴᠢᠯᠡᠨ ᠪᠦᠭᠦ ᠶᠠᠭᠤᠮ᠎ᠠ ᠮᠠᠰᠢᠨᠴᠢᠯᠠᠵᠤ᠂ ᠵᠢᠷᠤᠭ ᠲᠥᠯᠥᠪᠯᠡᠭᠡ ᠪᠠᠨ ᠺᠤᠮᠫᠢᠦ᠋ᠲ᠋ᠧᠷ ᠳᠡᠭᠡᠷ᠎ᠡ ᠤᠷᠠᠯᠠᠬᠤ ᠪᠣᠯᠵᠠᠢ᠃ ᠳᠡᠷᠡ ᠮᠣᠩᠭᠤᠯ ᠬᠤᠪᠴᠠᠰᠤ ᠵᠠᠰᠠᠯ ᠤᠨ ᠲᠤᠬᠠᠢ ᠨᠣᠮ ᠰᠤᠳᠤᠷ ᠬᠤᠳᠠᠯᠳᠤᠨ ᠠᠪᠴᠤ᠂ ᠠᠯᠠᠱᠠ ᠶᠢᠨ ᠬᠤᠱᠣᠳ ᠤᠯᠠᠮᠵᠢᠯᠠᠯᠲᠤ ᠬᠤᠪᠴᠠᠰᠤ ᠵᠠᠰᠠᠯ ᠢ ᠤᠯᠠᠮ ᠴᠢᠨᠠᠭᠰᠢᠳᠠ ᠰᠢᠰᠲ᠋ᠧᠮ ᠲᠠᠢ ᠰᠤᠷᠤᠯᠴᠠᠵᠦ ᠰᠤᠳᠤᠯᠤᠨ᠂ ᠤᠯᠠᠮᠵᠢᠯᠠᠯᠲᠤ ᠬᠤᠪᠴᠠᠰᠤ ᠵᠠᠰᠠᠯ ᠪᠠ ᠤᠳᠤ ᠦᠶ᠎ᠡ ᠶᠢᠨ ᠡᠯᠧᠮᠧᠨ᠋ᠲ ᠢ ᠠᠭᠤᠰᠤᠯᠴᠠᠭᠤᠯᠤᠭᠠᠳ᠂ ᠵᠢᠷᠤᠵᠤ ᠲᠥᠯᠥᠪᠯᠡᠭᠰᠡᠨ ᠦᠨᠳᠦᠰᠦᠲᠡᠨ ᠤ ᠬᠤᠪᠴᠠᠰᠤ ᠵᠠᠰᠠᠯ ᠨᠢ ᠨᠡᠶᠢᠭᠡᠮ ᠳᠤ ᠮᠡᠳᠡᠷᠡᠭᠳᠡᠵᠦ ᠡᠬᠢᠯᠡᠭᠰᠡᠨ ᠪᠠᠶᠢᠨ᠎ᠠ᠃ ᠺᠤᠮᠫᠠᠨᠢ ᠪᠠᠨ ᠪᠠᠶᠢᠭᠤᠯᠤᠭᠰᠠᠨ ᠠᠴᠠ ᠨᠠᠭᠠᠰᠢ᠂ ᠠᠯᠠᠱᠠ ᠬᠤᠱᠣᠳ ᠤᠯᠠᠮᠵᠢᠯᠠᠯᠲᠤ ᠬᠤᠪᠴᠠᠰᠤ ᠵᠠᠰᠠᠯ ᠵᠢᠴᠢ ᠬᠤᠱᠣᠳ ᠮᠠᠶ᠋ᠢᠭ ᠤᠨ ᠲᠠᠶᠢᠰᠠᠨ ᠤᠷᠠᠯᠢᠭ ᠤᠨ ᠲᠡᠷᠯᠢᠭ᠂ ᠦᠢᠯᠡᠴᠢᠯᠡᠭᠡᠨ ᠤ ᠬᠤᠪᠴᠠᠰᠤ᠂ ᠰᠤᠷᠭᠠᠭᠤᠯᠢ ᠶᠢᠨ ᠬᠤᠪᠴᠠᠰᠤ ᠶᠢ ᠵᠢᠷᠤᠵᠤ ᠲᠥᠰᠥᠪᠯᠡᠨ᠂ ᠨᠠᠶᠢᠳᠠ ᠪᠠᠷᠤᠭ 1 ᠲᠦᠮᠡ ᠬᠦᠷᠬᠦ ᠲᠡᠷᠯᠢᠭ ᠣᠶᠣᠵᠠᠢ᠃ ᠣᠶᠢᠷ᠎ᠠ ᠶᠢᠨ ᠵᠢᠯ ᠳᠤ ᠳᠡᠷᠡ 50 ᠭᠠᠷᠤᠢ ᠱᠠᠪᠢ ᠬᠥᠮᠥᠵᠢᠭᠦᠯᠵᠦ᠂ ᠲᠡᠳᠡᠨᠡᠷ ᠤᠨ ᠣᠯᠠᠩᠬᠢ ᠨᠢ ᠮᠠᠯᠵᠢᠬᠤ ᠪᠠᠨ ᠵᠣᠭᠰᠣᠭᠠᠭᠰᠠᠨ ᠮᠠᠯᠴᠢᠨ᠂ ᠬᠤᠲᠠ ᠶᠢᠨ ᠠᠵᠢᠯ ᠤᠨ ᠪᠠᠶᠢᠷᠢ ᠠᠴᠠ ᠪᠠᠨ ᠪᠠᠭᠤᠭᠰᠠᠳ ᠪᠠ ᠵᠡᠮᠳᠡᠭᠴᠦᠳ ᠢᠶᠠᠷ ᠭᠤᠣᠯᠯᠠᠵᠤ᠂ ᠵᠠᠷᠢᠮ ᠨᠢ ᠨᠢᠭᠡᠨᠲᠡ ᠪᠡᠶ᠎ᠡ ᠪᠠᠨ ᠳᠠᠭᠠᠭᠠᠬᠤ ᠪᠣᠯᠤᠭᠰᠠᠨ ᠪᠤᠶᠤ ᠣᠶᠣᠳᠠᠯ ᠤᠨ ᠭᠠᠵᠠᠷ ᠭᠠᠷᠭᠠᠨ᠂ ᠥᠪᠡᠷ ᠤᠨ ᠠᠵᠢᠯ ᠦᠢᠯᠡᠰ ᠢᠶᠠᠨ ᠡᠷᠭᠢᠯᠡᠭᠦ ᠪᠣᠯᠵᠠᠢ᠃ ᠣᠶᠢᠷ᠎ᠠ ᠶᠢᠨ ᠵᠢᠯ ᠳᠤ᠂ ᠺᠤᠮᠫᠠᠨᠢ ᠨᠢ ᠬᠤᠪᠢ ᠬᠥᠮᠥᠨ ᠪᠠ ᠪᠠᠶᠢᠭᠤᠯᠭ᠎ᠠ ᠨᠢᠭᠡᠴᠢ ᠶᠢᠨ ᠲᠡᠷᠯᠢᠭ ᠣᠶᠣᠬᠤ ᠵᠠᠬᠢᠶᠠᠯᠠᠭ᠎ᠠ ᠶᠢ ᠵᠢᠯ ᠪᠦᠷᠢ ᠪᠠᠷᠤᠭ ᠮᠢᠩᠭ᠎ᠠ ᠭᠠᠷᠤᠢ ᠳᠤᠰᠴᠦ᠂ ᠳᠡᠳᠡ ᠡᠳᠦᠷ ᠰᠥᠨᠢ ᠦᠭᠡᠢ ᠶᠠᠭᠠᠷᠠᠯᠲᠠᠢ ᠠᠵᠢᠯᠯᠠᠵᠤ ᠪᠠᠶᠢᠳᠠᠭ᠃              ᠨᠢᠭᠡ ᠵᠠᠬ᠎ᠠ ᠴᠢᠰᠴᠡᠦ ᠲᠡᠷᠯᠢᠭ ᠠᠴᠠ ᠤᠯᠠᠨ ᠰᠠᠶᠢᠬᠠᠨ ᠦᠯᠢᠭᠡᠷ ᠦᠷᠭᠦᠯᠵᠢᠯᠡᠭᠰᠡᠭᠡᠷ ᠪᠠᠶᠢᠨ᠎ᠠ᠃ 2017 ᠣᠨ ᠳᠤ ᠨᠠᠷᠠᠨᠴᠡᠴᠡᠭ ᠥᠪᠡᠷᠲᠡᠭᠡᠨ ᠵᠠᠰᠠᠬᠤ ᠣᠷᠣᠨ ᠤ ᠳᠡᠰ ᠤᠨ ᠠᠯᠠᠱᠠ ᠬᠤᠱᠣᠳ ᠵᠠᠰᠠᠯ ᠤᠨ ᠪᠣᠳᠠᠰ ᠤᠨ ᠪᠤᠰᠤ ᠰᠣᠶᠣᠯ ᠤᠨ ᠥᠪ ᠤᠨ ᠲᠥᠯᠥᠭᠡᠯᠡᠬᠦ ᠴᠢᠨᠠᠷᠲᠠᠢ ᠥᠪᠯᠡᠨ ᠤᠯᠠᠮᠵᠢᠯᠠᠭᠴᠢ ᠪᠣᠯᠵᠠᠢ᠃ ᠣᠶᠢᠷ᠎ᠠ ᠶᠢᠨ ᠵᠢᠯ ᠳᠤ᠂ ᠨᠠᠷᠠᠨᠴᠡᠴᠡᠭ ᠤᠷᠢᠳ ᠬᠤᠵᠢᠳ ᠥᠪᠡᠷᠲᠡᠭᠡᠨ ᠵᠠᠰᠠᠬᠤ ᠣᠷᠣᠨ ᠪᠠᠶᠢᠭᠤᠯᠤᠭᠳᠠᠭᠰᠠᠨ 70 ᠵᠢᠯ ᠤᠨ ᠤᠢ ᠶᠢ ᠪᠡᠯᠭᠡᠯᠡᠬᠦ ᠠᠯᠠᠱᠠ ᠠᠶᠢᠮᠠᠭ ᠤᠨ ᠲᠥᠯᠥᠭᠡᠯᠡᠭᠴᠢᠳ ᠤᠨ ᠠᠩᠭᠢ ᠶᠢᠨ ᠬᠤᠪᠴᠠᠰᠤ ᠵᠠᠰᠠᠯ᠂ ︽ᠠᠯᠠᠱᠠ ᠬᠤᠷᠢᠮ︾ ᠤᠨ ᠲᠣᠭᠯᠠᠭᠴᠢᠳ ᠤᠨ ᠬᠤᠪᠴᠠᠰᠤ ᠵᠠᠰᠠᠯ ᠵᠡᠷᠭᠡ ᠲᠣᠮᠣ ᠬᠡᠮᠵᠢᠶᠡᠨ ᠤ ᠠᠵᠢᠯᠯᠠᠭ᠎ᠠ ᠶᠢᠨ ᠬᠤᠪᠴᠠᠰᠤ ᠵᠠᠰᠠᠯ ᠢ ᠬᠠᠷᠢᠭᠤᠴᠠᠨ ᠬᠢᠭᠰᠡᠨ ᠪᠥᠭᠡᠳ ᠪᠦᠭᠦ ᠤᠯᠤᠰ᠂ ᠪᠦᠭᠦ ᠣᠷᠣᠨ ᠤ ᠮᠣᠩᠭᠤᠯ ᠬᠤᠪᠴᠠᠰᠤ ᠵᠠᠰᠠᠯ ᠤᠨ ᠤᠷᠤᠯᠳᠤᠭᠠᠨ ᠳᠤ ᠣᠯᠠᠨᠲᠠ ᠣᠷᠣᠯᠴᠠᠨ ᠱᠠᠩᠨᠠᠭᠳᠠᠵᠤ᠂ ᠠᠯᠠᠱᠠ ᠮᠣᠩᠭᠤᠯ ᠬᠤᠪᠴᠠᠰᠤ ᠵᠠᠰᠠᠯ ᠤᠨ ᠦᠢᠯᠡᠰ ᠤᠨ ᠬᠥᠭᠵᠢᠯᠲᠡ ᠳᠤ ᠥᠪᠡᠷ ᠤᠨ ᠭᠡᠰᠡᠨ ᠬᠤᠪᠢ ᠨᠡᠮᠡᠷᠢ ᠪᠠᠨ ᠦᠵᠡᠭᠦᠯᠦᠭᠰᠡᠨ ᠪᠠᠶᠢᠨ᠎ᠠ᠃ ᠨᠠᠷᠠᠨᠴᠡᠴᠡᠭ᠄ ︽ᠠᠵᠤ ᠠᠬᠤᠢ ᠨᠡᠶᠢᠭᠡᠮ ᠬᠥᠭᠵᠢᠭᠡᠳ ᠠᠷᠠᠳ ᠤᠨ ᠠᠮᠢᠳᠤᠷᠠᠯ ᠮᠠᠰᠢ ᠵᠢᠷᠭᠠᠯᠲᠠᠢ ᠪᠣᠯᠵᠠᠢ᠃ ᠮᠢᠨᠤ ᠪᠠᠭ᠎ᠠ ᠳᠤ ᠬᠠᠶᠠ ᠨᠢᠭᠡ ᠨᠠᠰᠤᠲᠠᠢ ᠬᠥᠮᠥᠨ ᠲᠡᠷᠯᠢᠭ ᠡᠮᠦᠰᠴᠦ ᠪᠠᠶᠢᠭᠰᠠᠨ ᠪᠣᠯ ᠤᠳᠤ ᠬᠥᠭᠰᠢᠨ ᠵᠠᠯᠠᠭᠤ ᠦᠭᠡᠢ ᠲᠡᠷᠯᠢᠭ ᠢᠶᠠᠷ ᠢᠶᠠᠨ ᠭᠤᠶᠣᠯᠠᠬᠤ ᠪᠣᠯᠵᠤ᠂ ᠳᠦᠷᠪᠡᠨ ᠤᠯᠠᠷᠢᠯ ᠤᠨ ᠶᠠᠩᠵᠤ ᠪᠦᠷᠢ ᠶᠢᠨ ᠥᠩᠭᠡ᠂ ᠶᠠᠩᠵᠤ ᠪᠦᠷᠢ ᠶᠢᠨ ᠪᠥᠰ ᠪᠠᠷᠠᠭ᠎ᠠ᠂ ᠶᠠᠩᠵᠤ ᠪᠦᠷᠢ ᠶᠢᠨ ᠭᠡᠯᠪᠡᠷᠢ ᠮᠠᠶ᠋ᠢᠭ ᠢ ᠰᠣᠩᠭᠤᠵᠤ ᠲᠡᠷᠯᠢᠭ ᠬᠢᠯᠭᠡᠨ ᠡᠮᠦᠰᠳᠡᠭ ᠪᠣᠯᠣᠯ᠎ᠠ᠃ ᠦᠨᠳᠦᠰᠦᠲᠡᠨ ᠤ ᠬᠤᠪᠴᠠᠰᠤ ᠵᠠᠰᠠᠯ ᠨᠢ ᠦᠨᠳᠦᠰᠦᠲᠡᠨ ᠤ ᠣᠶᠤᠨ ᠤᠬᠠᠭᠠᠨ ᠪᠣᠯᠣᠨ ᠵᠣᠷᠢᠭ ᠰᠠᠨᠠᠭ᠎ᠠ  ᠶᠢᠨ ᠲᠥᠯᠥᠭᠡᠯᠡᠯ ᠪᠣᠯᠬᠤᠷ᠂ ᠠᠷᠠᠳ ᠤᠯᠠᠨ ᠤ ᠦᠶ᠎ᠡ ᠤᠯᠠᠷᠢᠨ ᠤᠯᠠᠮᠵᠢᠯᠠᠨ ᠬᠥᠭᠵᠢᠭᠦᠯᠬᠦ ᠪᠣᠳᠠᠰ ᠤᠨ ᠪᠤᠰᠤ ᠰᠣᠶᠣᠯ ᠤᠨ ᠥᠪ ᠬᠥᠷᠥᠩᠭᠡ ᠪᠣᠯᠤᠭᠰᠠᠨ ᠪᠠᠶᠢᠳᠠᠭ᠃ ᠠᠯᠠᠱᠠ ᠬᠤᠱᠣᠳ ᠬᠤᠪᠴᠠᠰᠤ ᠵᠠᠰᠠᠯ ᠪᠣᠯ ᠳᠠᠷᠤᠢ ᠲᠡᠳᠡᠭᠡᠷ︿ᠦᠨᠡᠲᠦ ᠡᠷᠳᠡᠨᠢ﹀ ᠶᠢᠨ ᠨᠢᠭᠡ ᠨᠢ ᠮᠥᠨ᠃ ᠪᠢ ᠲᠡᠭᠦᠨ ᠢ ᠥᠪᠯᠡᠨ ᠵᠠᠯᠭᠠᠮᠵᠢᠯᠠᠵᠤ ᠶᠠᠪᠤᠬᠤ ᠶᠢ ᠨᠠᠰᠤᠨ ᠤ ᠬᠥᠭᠡᠭᠡᠴᠡᠯᠳᠦᠯ ᠢᠶᠠᠨ ᠪᠤᠯᠭᠠᠬᠰᠠᠨ ᠳᠠᠭᠠᠨ ᠣᠮᠣᠭᠰᠢᠵᠤ ᠪᠠᠶᠢᠨ᠎ᠠ᠃ ᠡᠶᠢᠮᠦ ᠳᠡᠭᠡᠨ ᠴᠢᠰᠴᠡᠦ ᠲᠡᠷᠯᠢᠭ ᠠᠴᠠ ᠣᠯᠣᠭᠰᠠᠨ ᠤᠶᠤᠨ ᠮᠡᠳᠡᠷᠡᠮᠵᠢ ᠪᠠᠨ ᠨᠡᠩ ᠤᠯᠠᠨ ᠲᠡᠷᠯᠢᠭ ᠲᠤ ᠠᠭᠤᠰᠬᠠᠨ᠂ ᠠᠯᠠᠱᠠ ᠬᠤᠱᠣᠳ ᠬᠤᠪᠴᠠᠰᠤ ᠵᠠᠰᠠᠯ ᠤᠨ ᠰᠣᠶᠣᠯ ᠢᠶᠠᠨ ᠤᠯᠠᠨ ᠤ ᠬᠠᠷᠠᠭᠠᠨ ᠳᠤ ᠲᠠᠨᠢᠭᠤᠯᠬᠤ ᠪᠠᠷ ᠴᠢᠷᠮᠠᠶᠢᠵᠤ ᠶᠠᠪᠤᠨ᠎ᠠ︾ ᠭᠡᠵᠦ ᠢᠲᠡᠭᠡᠯ ᠳᠦᠭᠦᠷᠡᠩ ᠶᠠᠷᠢᠵᠤ ᠪᠠᠶᠢᠯ᠎ᠠ᠃                
 
ᠢᠷᠡᠯᠲᠡ᠄ ᠠᠯᠠᠱᠠ ᠶᠢᠨ ᠡᠳᠦᠷ ᠤᠨ ᠰᠣᠨᠢᠨ᠂ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号