| ● ᠰᠡᠴᠡᠨ᠂ ᠡᠷᠳᠡᠨᠢᠬᠦᠦ | | ᠣᠷᠴᠢᠮᠬᠠᠨ ᠮᠠᠨ ᠤ ᠣᠷᠣᠨ ᠤ ᠪᠠᠷᠠᠭᠤᠨ ᠲᠤᠯᠤᠭᠠᠨ ᠠᠶᠢᠮᠠᠭ ᠬᠤᠳᠠ ᠶᠢᠨ ᠭᠤᠷᠪᠠᠳᠤᠭᠠᠷ | ᠤᠳᠠᠭᠠᠨ ᠤ ᠤᠯᠠᠮᠵᠢᠯᠠᠯᠲᠤ ᠰᠤᠷ ᠬᠠᠷᠪᠤᠭ᠎ᠠ ᠶᠢᠨ ᠤᠷᠤᠯᠳᠤᠭᠠᠨ ᠪᠠᠶᠠᠨᠬᠤᠲᠠ ᠳᠤ ᠶᠠᠪᠤᠭᠳᠠᠵᠤ᠂ ᠥᠪᠥᠷ | ᠮᠣᠩᠭᠤᠯ ᠤᠨ ᠭᠦᠭᠡᠬᠤᠳᠠ᠂ ᠪᠤᠭᠤᠲᠤ᠂ ᠣᠷᠳᠣᠰ᠂ ᠦᠬᠠᠢ᠂ ᠪᠠᠶᠠᠨᠨᠠᠭᠤᠷ᠂ ᠤᠯᠠᠭᠠᠨᠴᠠᠪ᠂ ᠰᠢᠯᠢ ᠶᠢᠨ ᠭᠤᠣᠯ᠂ | ᠠᠯᠠᠱᠠ ᠵᠡᠷᠭᠡ ᠠᠶᠢᠮᠠᠭ ᠬᠤᠳᠠ ᠶᠢᠨ 240 ᠭᠠᠷᠤᠢ ᠬᠠᠷᠪᠤᠭᠠᠴᠢᠳ ᠤᠷᠤᠯᠴᠠᠵᠦ᠂ ᠡᠷᠡᠬᠡᠢ ᠶᠢᠨ ᠮᠡᠷᠭᠡᠨ᠂ ᠰᠡᠴᠡᠨ | ᠤᠬᠠᠭᠠᠨ ᠢᠶᠠᠨ ᠰᠢᠯᠭᠠᠵᠤ ᠰᠣᠷᠢᠭᠰᠠᠨ ᠰᠠᠶᠢᠬᠠᠨ ᠨᠠᠭᠠᠳᠤᠮ ᠪᠣᠯᠣᠯ᠎ᠠ᠃ | ᠡᠷ᠎ᠡ ᠶᠢᠨ ᠭᠤᠷᠪᠠᠨ ᠨᠠᠭᠠᠳᠤᠮ ᠤᠨ ᠨᠢᠭᠡ ᠲᠦᠷᠦᠯ ᠪᠣᠯᠤᠭᠰᠠᠨ ᠰᠤᠷ ᠬᠠᠷᠪᠤᠯᠲᠠ ᠨᠢ ᠮᠣᠩᠭᠤᠯ | ᠦᠨᠳᠦᠰᠦᠲᠡᠨ ᠤ ᠡᠷ᠎ᠡ ᠴᠢᠳᠠᠯ᠂ ᠡᠷᠡᠬᠡᠢ ᠶᠢᠨ ᠮᠡᠷᠭᠡᠨ ᠢ ᠰᠢᠯᠭᠠᠬᠤ ᠲᠡᠳᠦᠢ ᠦᠭᠡᠢ ᠰᠡᠴᠡᠨ ᠮᠡᠷᠭᠡᠨ ᠤᠬᠠᠭᠠᠨ | ᠪᠢᠯᠢᠭ ᠢ ᠰᠣᠷᠢᠭᠰᠠᠨ ᠲᠠᠮᠢᠷ ᠤᠨ ᠲᠦᠷᠦᠯ ᠪᠣᠯᠬᠤᠷ ᠠᠷᠠᠳ ᠤᠯᠠᠨ ᠤ ᠪᠠᠭ᠋ᠠᠷᠬᠠᠯ ᠢ ᠲᠠᠲᠠᠵᠤ᠂ ᠦᠶ᠎ᠡ ᠲᠠᠮᠵᠢᠨ | ᠤᠯᠠᠮᠵᠢᠯᠠᠭᠳᠠᠭᠰᠠᠭᠠᠷ ᠢᠷᠡᠭᠰᠡᠨ ᠪᠢᠯᠡ᠃ ᠨᠤᠮᠤ ᠰᠤᠮᠤ ᠨᠢ ᠡᠷᠲᠡ ᠳᠡᠭᠡᠳᠦ ᠣᠪᠣᠭ ᠪᠠᠶᠢᠭᠤᠯᠤᠯ ᠤᠨ ᠦᠶ᠎ᠡ ᠳᠤ | ᠠᠩ ᠠᠩᠨᠠᠭᠤᠷ ᠤᠨ ᠪᠤᠶᠤ ᠴᠡᠷᠢᠭ ᠲᠠᠶᠢᠨ ᠤ ᠵᠡᠷ ᠵᠡᠪᠰᠡᠭ ᠪᠠᠶᠢᠭᠰᠠᠨ ᠪᠣᠯ ᠣᠶᠢᠷ᠎ᠠ ᠶᠢᠨ ᠬᠡᠳᠦᠨ ᠵᠢᠯ ᠠᠴᠠ | ᠪᠡᠶ᠎ᠡ ᠶᠢᠨ ᠲᠠᠮᠢᠷ ᠤᠨ ᠮᠥᠷᠥᠶᠢᠴᠡᠭᠡᠨ ᠤ ᠨᠢᠭᠡᠨ ᠵᠦᠢᠯ ᠤᠨ ᠬᠡᠷᠡᠭᠯᠡᠯ ᠪᠣᠯᠵᠤ ᠬᠡᠷᠡᠭᠴᠡᠭᠡ ᠨᠢ ᠤᠯᠠᠮ ᠢᠶᠠᠷ | ᠥᠷᠭᠡᠵᠢᠭᠰᠡᠭᠡᠷ ᠢᠷᠡᠵᠡᠢ᠃ ᠤᠯᠠᠮᠵᠢᠯᠠᠯᠲᠤ ᠰᠤᠷ ᠬᠠᠷᠪᠤᠭ᠎ᠠ ᠪᠠᠨ ᠰᠤᠷᠴᠤ ᠤᠯᠠᠮᠵᠢᠯᠠᠬᠤ ᠬᠥᠮᠥᠨ ᠡᠳᠦᠷ ᠢᠷᠡᠬᠦᠶ᠎ᠡ | ᠣᠯᠠᠰᠢᠷᠠᠭᠰᠠᠨ ᠨᠢ ᠡᠨᠡ ᠬᠦ ᠲᠠᠮᠢᠷ ᠤᠨ ᠬᠥᠳᠡᠯᠭᠡᠭᠡᠨ ᠨᠢ ᠬᠥᠮᠥᠨ ᠤ ᠪᠡᠶ᠎ᠡ ᠮᠠᠬᠠᠪᠤᠳ ᠢ ᠳᠠᠪᠲᠠᠨ | ᠪᠤᠯᠪᠠᠰᠤᠷᠠᠭᠤᠯᠬᠤ ᠪᠤᠶᠤ ᠰᠡᠳᠬᠢᠯ ᠢᠶᠠᠨ ᠴᠢᠩᠭᠠᠯᠠᠬᠤ ᠳᠤ ᠢᠳᠡᠪᠬᠢ ᠦᠢᠯᠡᠳᠦᠯ ᠲᠠᠢ ᠪᠠᠶᠢᠭ᠎ᠠ ᠶᠢᠨ ᠤᠴᠢᠷ ᠪᠢᠵᠡ᠃ | ᠡᠶᠢᠨ ᠬᠦ ᠲᠤᠰ ᠤᠳᠠᠭᠠᠨ ᠤ ᠨᠠᠶᠢᠷ ᠲᠤ ᠢᠷᠡᠯᠴᠡᠭᠰᠡᠨ ᠭᠠᠵᠠᠷ ᠭᠠᠵᠠᠷ ᠤᠨ ᠨᠠᠭᠠᠳᠤᠮᠴᠢᠨ ᠠᠴᠠ ᠶᠠᠭᠠᠬᠢᠭᠠᠳ ᠰᠤᠷ | ᠬᠠᠷᠪᠤᠭ᠎ᠠ ᠬᠡᠮᠡᠬᠦ ᠤᠯᠠᠮᠵᠢᠯᠠᠯᠲᠤ ᠪᠡᠶ᠎ᠡ ᠶᠢᠨ ᠲᠠᠮᠢᠷ ᠤᠨ ᠬᠥᠳᠡᠯᠭᠡᠭᠡᠨ ᠲᠠᠢ ᠬᠤᠪᠢ ᠪᠠᠷᠢᠯᠳᠤᠯᠭ᠎ᠠ ᠲᠠᠢ ᠪᠣᠯᠤᠭᠰᠠᠨ | ᠲᠤᠬᠠᠢ᠂ ᠮᠥᠨᠴᠦ ᠰᠤᠷ ᠬᠠᠷᠪᠤᠭ᠎ᠠ ᠰᠤᠷᠤᠬᠰᠠᠨ ᠠᠴᠠ ᠨᠠᠭᠠᠰᠢᠬᠢ ᠪᠡᠶ᠎ᠡ ᠰᠡᠳᠬᠢᠴᠡ ᠶᠢᠨ ᠲᠠᠯ᠎ᠠ ᠶᠢᠨ | ᠬᠤᠪᠢᠷᠠᠯᠲᠠ ᠶᠢ ᠨᠢ ᠰᠤᠷᠪᠤᠯᠵᠢᠯᠠᠨ ᠲᠡᠮᠳᠡᠭᠯᠡᠵᠦ ᠪᠢᠯᠡ᠃ | ᠣᠷᠳᠣᠰ ᠬᠤᠳᠠ ᠶᠢᠨ ᠦᠦᠰᠢᠨ ᠬᠤᠰᠢᠭᠤᠨ ᠤ ᠰᠦᠯᠳᠡ ᠰᠤᠮᠤᠨ ᠤ ᠮᠠᠯᠴᠢᠨ ᠬᠠᠰᠮᠥ᠋ᠷᠡᠨ - ᠰᠤᠷ | ᠬᠠᠷᠪᠤᠭ᠎ᠠ ᠰᠤᠷᠤᠬᠰᠠᠨ ᠠᠴᠠ ᠦᠶ᠎ᠡ ᠭᠡᠰᠢᠭᠦᠦ ᠡᠪᠡᠳᠬᠦ ᠬᠠᠭᠤᠴᠢ ᠡᠳᠡᠭᠡᠷᠡᠯ᠎ᠡ | 2022 ᠣᠨ ᠤ ᠵᠤᠨ᠂ ᠬᠠᠰᠮᠥ᠋ᠷᠡᠨ ᠭᠠᠴᠠᠭᠠᠨ ᠤ ᠨᠠᠭᠠᠳᠤᠮ ᠳᠡᠭᠡᠷ᠎ᠡ ᠰᠤᠷ ᠬᠠᠷᠪᠤᠭ᠎ᠠ ᠶᠢᠨ | ᠤᠷᠤᠯᠳᠤᠭᠠᠨ ᠬᠢᠨ᠎ᠡ ᠭᠡᠬᠦ ᠰᠤᠷᠠᠭ ᠲᠤᠭᠤᠯᠤᠭᠠᠳ ᠤᠳᠠᠭᠠᠨ ᠵᠢᠯ ᠲᠣᠭᠤᠰᠣᠨ ᠳᠤ ᠳᠠᠷᠤᠭᠳᠠᠵᠤ ᠬᠡᠪᠲᠡᠭᠰᠡᠨ ᠨᠤᠮᠤ | ᠰᠤᠮᠤ ᠪᠠᠨ ᠠᠪᠤᠭᠠᠳ ᠰᠣᠷᠢᠵᠤ ᠡᠬᠢᠯᠡᠵᠡᠢ᠃ ᠰᠤᠷ ᠬᠠᠷᠪᠤᠭ᠎ᠠ ᠰᠤᠷᠴᠤ ᠡᠵᠡᠮᠰᠢᠭᠰᠡᠨ ᠴᠠᠭ ᠠᠴᠠ ᠡᠨᠡ ᠬᠦ | ᠲᠠᠮᠢᠷ ᠤᠨ ᠬᠥᠳᠡᠯᠭᠡᠭᠡᠨ ᠳᠤ ᠤᠨᠴᠠᠭᠠᠢ ᠳᠤᠷ᠎ᠠ ᠪᠠᠬ᠎ᠠ ᠲᠠᠢ ᠪᠣᠯᠵᠤ᠂ ᠭᠡᠷ ᠤᠨ ᠭᠠᠳᠠᠨ᠎ᠠ ᠪᠠᠨ ᠫᠠᠢ ᠪᠠᠨ ᠪᠣᠰᠬᠠᠵᠤ | ᠠᠪᠤᠭᠠᠳ ᠵᠠᠪ ᠯᠠ ᠪᠣᠯᠪᠠᠯ ᠰᠤᠮᠤ ᠬᠠᠷᠪᠤᠵᠤ ᠪᠣᠯᠪᠠᠰᠤᠷᠠᠨ᠎ᠠ᠃ ᠭᠠᠶᠢᠬᠠᠯᠲᠠᠢ ᠨᠢ ᠵᠢᠯ ᠵᠠᠪᠳᠤᠭᠤ ᠪᠣᠯᠪᠠᠰᠤᠷᠠᠭᠠᠳ | ᠨᠢᠭᠡ ᠯᠡ ᠮᠡᠳᠡᠬᠦ ᠳᠤ ᠤᠤᠯ ᠳᠠᠭᠠᠨ ᠪᠦᠲᠦᠨ ᠰᠥᠨᠢ ᠪᠠᠷ ᠤᠨᠲᠠᠭᠤᠯᠬᠤ ᠦᠭᠡᠢ ᠡᠪᠡᠳᠦᠭᠡᠳ ᠪᠠᠶᠢᠭᠰᠠᠨ ᠬᠤᠶᠠᠷ | ᠮᠥᠷᠥᠨ ᠤ ᠬᠠᠭᠤᠴᠢ ᠡᠪᠡᠳᠴᠢᠨ ᠨᠢ ᠪᠦᠷᠢᠮᠦᠰᠦᠨ ᠡᠳᠡᠭᠡᠷᠡᠵᠡᠢ᠃ ︽ᠤᠤᠯ ᠳᠠᠭᠠᠨ ᠤᠨᠲᠠᠬᠤ ᠳᠠᠭᠠᠨ ᠵᠠᠪᠠᠯ | ᠨᠢᠮᠭᠡᠨ ᠬᠤᠪᠴᠠᠰᠤ ᠲᠠᠢ ᠤᠨᠲᠠᠳᠠᠭ ᠪᠠᠶᠢᠭᠰᠠᠨ᠃ ᠦᠭᠡᠢ ᠪᠣᠯ ᠵᠢᠭᠠᠬᠠᠨ ᠵᠢᠪᠠᠷ ᠠᠪᠤᠪᠠᠯ ᠬᠦᠵᠦᠭᠦᠦ᠂ ᠮᠥᠷᠥ | ᠳᠠᠯᠤ ᠬᠥᠰᠢᠵᠦ ᠡᠪᠡᠳᠦᠭᠡᠳ ᠤᠨᠲᠠᠭᠤᠯᠳᠠᠭ ᠦᠭᠡᠢ ᠪᠠᠶᠢᠯ᠎ᠠ᠃ ᠤᠳᠤ ᠪᠣᠯ ᠲᠡᠶᠢᠮᠤ ᠬᠡᠷᠡᠭᠴᠡᠭᠡ ᠦᠭᠡᠢ ᠪᠣᠯᠤᠭᠰᠠᠨ | ᠂ ᠪᠦᠷᠢᠮᠦᠰᠦᠨ ᠡᠳᠡᠭᠡᠷᠡᠭᠰᠡᠨ ᠢᠶᠠᠷ ᠪᠠᠷᠠᠬᠤ ᠦᠭᠡᠢ ᠬᠥᠯ ᠭᠠᠷ ᠪᠦᠷ ᠤᠤᠯ ᠠᠴᠠ ᠪᠠᠨ ᠬᠥᠩᠭᠡᠷᠡᠵᠡᠢ᠃ ᠨᠤᠮᠤ | ᠬᠠᠷᠪᠤᠬᠤ ᠴᠢᠨᠢ ᠡᠪᠡᠳᠴᠢᠨ ᠵᠠᠰᠠᠳᠠᠭ ᠶᠤᠮ ᠪᠠᠶᠢᠨ᠎ᠠ︾ ᠭᠡᠵᠦ ᠬᠠᠰᠮᠥ᠋ᠷᠡᠨ ᠶᠠᠷᠢᠨ᠎ᠠ᠃ | ᠬᠠᠰᠮᠥ᠋ᠷᠡᠨ ᠤ ᠬᠤᠪᠢ ᠳᠤ ᠨᠤᠮᠤ ᠰᠤᠮᠤ ᠪᠠᠨ ᠠᠭᠰᠠᠵᠤ ᠤᠷᠤᠯᠳᠤᠭᠠᠨ ᠤ ᠲᠠᠯᠠᠪᠠᠢ ᠳᠤ ᠭᠠᠷᠬᠤ | ᠪᠣᠯᠤᠭᠰᠠᠨ ᠨᠢ ᠬᠠᠮᠤᠭ ᠤᠨ ᠶᠡᠭᠡ ᠪᠠᠶᠠᠷᠯᠠᠭᠤᠰᠢᠲᠠᠢ ᠤᠴᠢᠷ᠃ ᠬᠤᠶᠠᠷ ᠵᠢᠯ ᠭᠠᠷᠤᠢ ᠶᠢᠨ ᠬᠤᠭᠤᠴᠠᠭᠠᠨ ᠳᠤ | ᠨᠡᠯᠢᠶᠡᠳ ᠰᠠᠶᠢᠨ ᠬᠠᠷᠪᠤᠭᠠᠴᠢ ᠪᠣᠯᠵᠤ᠂ ᠨᠢᠳᠤᠨᠤᠨ ᠵᠢᠯ ᠰᠢᠯᠢ ᠶᠢᠨ ᠭᠤᠣᠯ ᠠᠶᠢᠮᠠᠭ ᠤᠨ ᠬᠥᠪᠡᠭᠡᠲᠦ ᠰᠢᠷ᠎ᠠ | ᠬᠤᠰᠢᠭᠤᠨ ᠳᠤ ᠶᠠᠪᠤᠭᠳᠠᠭᠰᠠᠨ ᠴᠣᠯᠠ ᠣᠯᠭᠤᠬᠤ ᠤᠷᠤᠯᠳᠤᠭᠠᠨ ᠳᠤ ︽ᠡᠷᠡᠬᠡᠢ ᠮᠡᠷᠭᠡᠨ︾ ᠬᠠᠷᠪᠤᠭᠠᠴᠢ ᠶᠢᠨ | ᠴᠣᠯᠠ ᠭᠥᠷᠳᠡᠭᠰᠡᠨ ᠪᠠᠶᠢᠨ᠎ᠠ᠃ | ᠠᠯᠠᠱᠠ ᠵᠡᠭᠦᠨ ᠬᠤᠰᠢᠭᠤᠨ ᠤ ᠭᠠᠳᠠᠭᠠᠳᠤ ᠶᠠᠪᠤᠳᠠᠯ ᠤᠨ ᠠᠯᠪᠠᠨ ᠭᠡᠷ ᠤᠨ ᠨᠠᠮ ᠤᠨ | ᠳᠤᠭᠤᠶᠢᠯᠠᠩ ᠤᠨ ᠱᠦᠵᠢ᠂ ᠡᠷᠭᠢᠯᠡᠭᠴᠢ ᠬᠠᠰᠪᠠᠭᠠᠨ᠎ᠠ - ᠰᠤᠷ ᠬᠠᠷᠪᠤᠭ᠎ᠠ ᠨᠢ ᠨᠠᠰᠤ ᠠᠭᠰᠢᠷᠠᠭᠰᠠᠨ ᠬᠥᠮᠥᠰ ᠤᠨ | ᠪᠡᠶ᠎ᠡ ᠮᠠᠬᠠᠪᠤᠳ ᠢᠶᠠᠨ ᠳᠠᠪᠲᠠᠨ ᠪᠤᠯᠪᠠᠰᠤᠷᠠᠭᠤᠯᠬᠤ ᠬᠠᠮᠤᠭ ᠤᠨ ᠰᠠᠶᠢᠨ ᠲᠠᠮᠢᠷ | 2020 ᠣᠨ ᠠᠴᠠ ᠰᠤᠷ ᠬᠠᠷᠪᠤᠭ᠎ᠠ ᠭᠡᠬᠦ ᠲᠠᠮᠢᠷ ᠤᠨ ᠬᠥᠳᠡᠯᠭᠡᠭᠡᠨ ᠢ ᠰᠤᠷᠴᠤ ᠪᠣᠯᠪᠠᠰᠤᠷᠠᠵᠤ | ᠡᠬᠢᠯᠡᠭᠰᠡᠨ ᠬᠠᠰᠪᠠᠭᠠᠨ᠎ᠠ ᠶᠢᠨ ᠬᠤᠪᠢ ᠳᠤ ᠰᠤᠷ ᠬᠠᠷᠪᠤᠭ᠎ᠠ ᠨᠢ ᠨᠢᠭᠡᠨᠲᠡ ᠲᠡᠭᠦᠨ ᠤ ᠠᠮᠢᠳᠤᠷᠠᠯ ᠳᠤ ᠲᠤᠲᠠᠭᠳᠠᠵᠤ | ᠪᠣᠯᠣᠰᠢ ᠦᠭᠡᠢ ᠵᠦᠢᠯ ᠪᠣᠯᠤᠭᠰᠠᠨ ᠪᠠᠶᠢᠨ᠎ᠠ᠃ ᠬᠥᠳᠡᠭᠡ ᠰᠤᠮᠤᠨ ᠳᠤ ᠠᠯᠪᠠᠯᠠᠵᠤ ᠪᠠᠶᠢᠬᠤ ᠳᠠᠭᠠᠨ ᠥᠷᠯᠥᠭᠡ | ᠦᠳᠡᠰᠢ ᠶᠢᠨ ᠵᠠᠪ ᠢᠶᠠᠷ ᠰᠠᠭᠰᠤᠨ ᠪᠥᠮᠪᠦᠭᠡ᠂ ᠠᠯᠠᠭᠠᠳᠠᠬᠤ ᠪᠥᠮᠪᠦᠭᠡ ᠲᠣᠭᠯᠠᠵᠤ ᠪᠡᠶ᠎ᠡ ᠮᠠᠬᠠᠪᠤᠳ ᠢᠶᠠᠨ ᠳᠠᠪᠲᠠᠨ | ᠪᠣᠯᠪᠠᠰᠤᠷᠠᠭᠤᠯᠳᠠᠭ ᠪᠠᠶᠢᠭᠰᠠᠨ ᠪᠣᠯ ᠬᠤᠳᠠ ᠭᠠᠵᠠᠷ ᠠᠯᠪᠠᠯᠠᠭᠰᠠᠨ ᠠᠴᠠ ᠬᠤᠶᠢᠰᠢ ᠡᠨᠡ ᠬᠦ ᠵᠤᠷᠰᠢᠯ ᠨᠢ | ᠡᠪᠳᠡᠭᠳᠡᠵᠦ᠂ ᠡᠳᠦᠷᠵᠢᠨ ᠭᠡᠷ᠂ ᠪᠠᠶᠢᠭᠤᠯᠭ᠎ᠠ ᠶᠢᠨ ᠬᠤᠭᠤᠷᠣᠨᠳᠤ ᠶᠠᠭᠠᠷᠠᠭᠠᠳ ᠨᠢᠭᠡ ᠮᠡᠳᠡᠬᠦᠨ᠎ᠡ ᠬᠥᠳᠡᠯᠭᠡᠭᠡᠨ | ᠳᠤᠲᠠᠵᠤ ᠦᠶ᠎ᠡ ᠭᠡᠰᠢᠭᠦᠦ ᠨᠢ ᠡᠪᠡᠳᠦᠨ᠂ ᠠᠰᠠᠷ ᠮᠠᠴᠤᠬᠤ ᠳᠤ ᠴᠤ ᠡᠪᠡᠳᠦᠭ ᠨᠢ ᠵᠢᠮᠵᠢᠭᠢᠨᠡᠨ ᠡᠪᠡᠳᠬᠦ ᠪᠣᠯᠵᠠᠢ᠃ | ᠢᠩᠭᠢᠭᠡᠳ ᠯᠠ ᠵᠠᠪᠠᠯ ᠪᠡᠶ᠎ᠡ ᠮᠠᠬᠠᠪᠤᠳ ᠢᠶᠠᠨ ᠳᠠᠪᠲᠠᠨ ᠪᠤᠯᠪᠠᠰᠤᠷᠠᠭᠤᠯᠬᠤ ᠬᠡᠷᠡᠭᠲᠡᠢ ᠪᠣᠯᠤᠭᠰᠠᠨ ᠢ ᠮᠡᠳᠡᠵᠦ᠂ | ᠤᠯᠠᠮᠵᠢᠯᠠᠯᠲᠤ ᠰᠤᠷ ᠬᠠᠷᠪᠤᠭ᠎ᠠ ᠶᠢ ᠰᠣᠩᠭᠤᠵᠤ ᠰᠤᠷᠴᠠᠢ᠃ ︽ᠰᠤᠷ ᠬᠠᠷᠪᠤᠬᠤ ᠨᠢ ᠤᠷᠠᠨ ᠪᠢᠴᠢᠯᠭᠡ ᠪᠢᠴᠢᠬᠦ ᠲᠠᠢ | ᠠᠳᠠᠯᠢᠬᠠᠨ᠃ ᠨᠢᠭᠡ ᠳᠤ ᠰᠡᠳᠬᠢᠯ ᠢᠶᠠᠨ ᠲᠣᠭᠲᠠᠭᠤᠨ ᠪᠠᠶᠢᠯᠭᠠᠨ᠎ᠠ᠂ ᠪᠢᠷ ᠢᠶᠠᠨ ᠰᠠᠨᠳᠤᠷᠴᠤ ᠪᠠᠭᠤᠯᠭᠠᠪᠠᠯ ᠦᠰᠦᠭ | ᠰᠠᠶᠢᠬᠠᠨ ᠪᠤᠯᠳᠠᠭ ᠦᠭᠡᠢ ᠶᠢᠨ ᠶᠣᠰᠣ ᠪᠠᠷ ᠰᠠᠶᠢᠨ ᠭᠦᠨ ᠠᠮᠢᠰᠬᠤᠭ᠎ᠠ ᠠᠪᠤᠭᠠᠳ ᠪᠦᠭᠦ ᠠᠩᠬᠠᠷᠤᠯ ᠢᠶᠠᠨ | ᠲᠥᠪᠯᠡᠷᠡᠭᠦᠯᠵᠦ ᠨᠢᠭᠡ ᠯᠠ ᠠᠮᠢᠰᠬᠤᠭ᠎ᠠ ᠪᠠᠷ ᠦᠰᠦᠭ ᠢᠶᠠᠨ ᠪᠢᠴᠢᠵᠦ ᠭᠠᠷᠭᠠᠨ᠎ᠠ᠃ ᠪᠠᠰᠠ ᠨᠢᠭᠡ ᠨᠢ ᠵᠠᠪᠠᠯ ᠶᠣᠰᠣ | ᠭᠤᠷᠢᠮ ᠢ ᠨᠢ ᠲᠠᠭᠠᠨ᠎ᠠ᠃ ᠶᠠᠭᠠᠬᠢᠵᠤ ᠵᠤᠬᠰᠤᠬᠤ᠂ ᠬᠦᠴᠦ ᠪᠠᠨ ᠵᠣᠬᠢᠴᠠᠭᠤᠯᠬᠤ᠂ ᠭᠠᠷ ᠢᠶᠠᠨ ᠶᠠᠭᠠᠬᠢᠵᠤ | ᠲᠡᠨᠢᠢᠯᠭᠡᠬᠦ᠂ ᠲᠡᠩᠴᠡᠭᠦᠷᠢ ᠪᠠᠨ ᠬᠡᠷᠬᠢᠨ ᠣᠯᠬᠤ᠂ ᠰᠤᠮᠤ ᠪᠠᠨ ᠶᠠᠭᠠᠬᠢᠵᠤ ᠲᠠᠯᠪᠢᠬᠤ ᠠᠯᠢ ᠠᠯᠢᠨ ᠢ ᠨᠢ ᠴᠤ ᠵᠥᠪ | ᠤᠨᠤᠪᠴᠢᠳᠠᠢ ᠬᠢᠬᠦ ᠬᠡᠷᠡᠭᠲᠡᠢ᠃ ᠡᠰᠡᠪᠡᠯ ᠤᠨᠤᠭ᠎ᠠ ᠲᠠᠭᠠᠷᠠᠬᠤ ᠦᠭᠡᠢ᠂ ᠪᠣᠯᠪᠠᠰᠤᠷᠠᠭᠠᠳ ᠯᠠ ᠪᠠᠶᠢᠪᠠᠯ ᠳᠡᠭᠡᠭᠰᠢᠯᠡᠬᠦ | ᠨᠢ ᠬᠤᠷᠳᠤᠨ᠂ ᠤᠨᠤᠭ᠎ᠠ ᠴᠤ ᠮᠡᠷᠭᠡᠨ ᠪᠣᠯᠣᠨ᠎ᠠ︾ ᠭᠡᠵᠦ ᠬᠠᠰᠪᠠᠭᠠᠨ᠎ᠠ ᠶᠠᠷᠢᠨ᠎ᠠ᠃ | ᠲᠡᠭᠦᠨ ᠤ ︽ᠬᠠᠷᠪᠤᠬᠤ ᠲᠤᠰᠤᠮ ᠢᠶᠠᠨ ᠳᠤᠷ᠎ᠠ ᠪᠠᠬ᠎ᠠ ᠲᠠᠢ ᠪᠣᠯᠣᠨ᠎ᠠ᠃ ᠠᠮᠢᠳᠤᠷᠠᠯ ᠴᠤ ᠤᠳᠬ᠎ᠠ | ᠠᠭᠤᠯᠭ᠎ᠠ ᠲᠡᠭᠦᠯᠳᠡᠷ ᠪᠣᠯᠣᠨ᠎ᠠ︾ ᠭᠡᠰᠡᠨ ᠶᠠᠷᠢᠶ᠎ᠠ ᠠᠴᠠ ᠤᠯᠠᠮᠵᠢᠯᠠᠯᠲᠤ ᠰᠤᠷ ᠬᠠᠷᠪᠤᠭ᠎ᠠ ᠳᠤ ᠮᠠᠰᠢ ᠪᠠᠬ᠎ᠠ ᠲᠠᠢ | ᠪᠣᠯᠤᠭᠰᠠᠨ ᠢ ᠮᠡᠳᠡᠵᠦ ᠪᠤᠯᠬᠤ ᠶᠤᠮ᠃ ᠨᠢᠭᠡ ᠮᠡᠳᠡᠬᠦ ᠳᠤ ᠪᠡᠶ᠎ᠡ ᠶᠢᠨ ᠡ᠊ᠨᠳᠡ ᠲᠡᠨᠳᠡ ᠡᠪᠡᠳᠳᠡᠭ ᠡᠪᠡᠳᠴᠢᠨ ᠨᠢ | ᠡᠳᠡᠭᠡᠷᠡᠵᠦ᠂ ᠪᠡᠶ᠎ᠡ ᠨᠢ ᠴᠤ ᠡᠳᠦᠷ ᠠᠴᠠ ᠡᠳᠦᠷ ᠬᠥᠩᠭᠡᠷᠡᠵᠦ᠂ ᠬᠠᠷᠠᠭ᠎ᠠ ᠨᠢ ᠰᠠᠶᠢᠵᠢᠷᠠᠨ᠂ ᠡᠳᠦᠷ ᠠᠴᠠ ᠡᠳᠦᠷ | ᠴᠤᠭ ᠵᠢᠪᠬᠤᠭ᠎ᠠ ᠲᠠᠢ ᠪᠣᠯᠵᠠᠢ᠃ ᠲᠡᠶᠢᠮᠤ ᠳᠡᠭᠡᠨ ᠰᠤᠷ ᠬᠠᠷᠪᠤᠭ᠎ᠠ ᠨᠢ ᠬᠥᠮᠥᠨ ᠳᠤ ᠠᠮᠢᠰᠬᠤᠯ ᠤᠨ ᠲᠠᠮᠢᠷ᠂ | ᠬᠠᠷᠠᠭᠠᠨ ᠤ ᠲᠠᠮᠢᠷ᠂ ᠰᠡᠳᠬᠢᠯ ᠤᠨ ᠲᠠᠮᠢᠷ᠂ ᠪᠦᠭᠦ ᠪᠡᠶ᠎ᠡ ᠶᠢᠨ ᠲᠠᠮᠢᠷ ᠢ ᠬᠢᠳᠡᠭ ᠮᠥᠷᠲᠡᠭᠡᠨ ᠴᠢᠨᠠᠷ ᠤᠨ ᠢᠯᠭᠠᠯ᠂ | ᠨᠠᠰᠤᠨ ᠤ ᠢᠯᠭᠠᠭ᠎ᠠ ᠦᠭᠡᠢ ᠮᠠᠰᠢ ᠡᠷᠬᠡ ᠴᠢᠯᠦᠭᠡ ᠲᠠᠢ ᠪᠡᠶ᠎ᠡ ᠶᠢᠨ ᠲᠠᠮᠢᠷ ᠤᠨ ᠬᠥᠳᠡᠯᠭᠡᠭᠡᠨ ᠪᠠᠶᠢᠨ᠎ᠠ ᠭᠡᠵᠦ | ᠣᠶᠢᠯᠠᠭᠠᠵᠠᠢ᠃ ᠤᠯᠠᠮᠵᠢᠯᠠᠯᠲᠤ ᠰᠤᠷ ᠬᠠᠷᠪᠤᠭ᠎ᠠ ᠰᠤᠷᠴᠤ ᠪᠣᠯᠪᠠᠰᠤᠷᠠᠵᠤ ᠡᠬᠢᠯᠡᠭᠰᠡᠨ ᠠᠴᠠ ᠲᠡᠭᠦᠨ ᠤ | ᠠᠮᠢᠳᠤᠷᠠᠬᠤᠢ ᠶᠢᠨ ᠦᠵᠡᠯᠲᠡ ᠳᠤ ᠴᠤ ᠬᠤᠪᠢᠷᠠᠯᠲᠠ ᠭᠠᠷᠴᠤ᠂ ᠨᠠᠶᠢᠷ ᠴᠡᠩᠭᠡᠬᠦᠨ ᠤ ᠭᠠᠵᠠᠷ᠂ ᠠᠷᠢᠬᠢ ᠲᠠᠷᠠᠰᠤᠨ ᠤ | ᠰᠢᠷᠡᠭᠡᠨ ᠠᠴᠠ ᠪᠡᠶ᠎ᠡ ᠪᠠᠨ ᠴᠢᠯᠦᠭᠡᠯᠡᠵᠦ᠂ ᠮᠥᠨᠴᠦ ᠪᠡᠶ᠎ᠡ ᠮᠠᠬᠠᠪᠤᠳ ᠢᠶᠠᠨ ᠠᠮᠠᠷᠠᠭᠤᠯᠵᠤ ᠴᠢᠳᠠᠭᠰᠠᠨ ᠨᠢ ᠡᠨᠡ ᠬᠦ | ᠲᠠᠮᠢᠷ ᠤᠨ ᠬᠥᠳᠡᠯᠭᠡᠭᠡᠨ ᠤ ᠪᠠᠰᠠ ᠨᠢᠭᠡᠨ ᠠᠴᠢ ᠲᠤᠰᠠ ᠭᠡᠯᠲᠡᠢ᠃ | ᠤᠯᠠᠭᠠᠨᠴᠠᠪ ᠬᠤᠳᠠ ᠶᠢᠨ ᠳᠥᠷᠪᠡᠳ ᠬᠤᠰᠢᠭᠤᠨ ᠤ ᠴᠠᠭᠠᠨᠪᠤᠯᠠᠭ ᠰᠤᠮᠤᠨ ᠤ ᠮᠠᠯᠴᠢᠨ ᠰᠣᠯᠣᠩᠭ᠎ᠠ | - ᠤᠯᠠᠮᠵᠢᠯᠠᠯᠲᠤ ᠰᠤᠷ ᠬᠠᠷᠪᠤᠭ᠎ᠠ ᠰᠤᠷᠤᠬᠰᠠᠨ ᠠᠴᠠ ᠡᠳᠦᠷ ᠪᠦᠷᠢ ᠪᠠᠶᠠᠷ ᠭᠦᠷ ᠲᠠᠢ ᠪᠣᠯᠣᠯ᠎ᠠ | ᠲᠧᠯᠸᠢᠰ ᠠᠴᠠ ᠬᠠᠷᠪᠤᠭᠠᠴᠢᠳ ᠤᠨ ᠤᠷᠤᠯᠳᠤᠭᠠᠨ ᠢ ᠰᠣᠨᠢᠷᠬᠠᠵᠤ ᠰᠠᠭᠤᠬᠤ ᠳᠠᠭᠠᠨ ︽ᠡᠨᠡ ᠬᠠᠷᠢᠨ | ᠰᠤᠷᠤᠭᠠᠳ ᠠᠪᠴᠢᠬᠠᠪᠠᠯ ᠪᠣᠯᠤᠮᠠᠷ ᠵᠦᠢᠯ ᠪᠠᠶᠢᠨ᠎ᠠ︾ ᠭᠡᠵᠦ ᠪᠤᠳᠤᠬᠰᠠᠨ ᠰᠣᠯᠣᠩᠭ᠎ᠠ ᠲᠤᠰ ᠭᠠᠵᠠᠷ ᠤᠨ ᠢᠶᠠᠨ | ᠬᠠᠷᠪᠤᠭᠠᠴᠢᠳ ᠤᠨ ᠨᠡᠶᠢᠭᠡᠮᠯᠢᠭ ᠤᠨ ᠲᠡᠮᠦᠷᠪᠠᠭᠠᠲᠤᠷ ᠬᠡᠮᠡᠬᠦ ᠬᠠᠷᠪᠤᠭᠠᠴᠢ ᠠᠴᠠ ᠤᠯᠠᠮᠵᠢᠯᠠᠯᠲᠤ ᠰᠤᠷ ᠬᠠᠷᠪᠤᠭ᠎ᠠ | ᠰᠤᠷᠴᠤ ᠡᠬᠢᠯᠡᠭᠰᠡᠨ ᠨᠢ 2019 ᠣᠨ ᠤ ᠤᠴᠢᠷ᠃ ᠲᠡᠷᠡᠪᠡᠷ ᠡᠳᠡᠭᠡᠷ ᠵᠢᠯ ᠳᠤ ᠤᠯᠠᠭᠠᠨᠴᠠᠪ᠂ ᠰᠢᠯᠢ ᠶᠢᠨ ᠭᠤᠣᠯ᠂ | ᠣᠷᠳᠣᠰ᠂ ᠠᠯᠠᠱᠠ ᠭᠡᠬᠦᠴᠢᠯᠡᠨ ᠤᠯᠠᠨ ᠠᠶᠢᠮᠠᠭ ᠬᠤᠳᠠ ᠪᠠᠷ ᠰᠤᠷ ᠬᠠᠷᠪᠤᠭ᠎ᠠ ᠶᠢᠨ ᠤᠷᠤᠯᠳᠤᠭᠠᠨ ᠳᠤ | ᠤᠷᠤᠯᠴᠠᠵᠦ᠂ ᠤᠤᠯ ᠨᠢ ᠤᠳᠬ᠎ᠠ ᠠᠭᠤᠯᠭ᠎ᠠ ᠦᠭᠡᠢ ᠮᠡᠲᠦ ᠰᠠᠨᠠᠭᠳᠠᠵᠤ ᠪᠠᠶᠢᠭᠰᠠᠨ ᠠᠮᠢᠳᠤᠷᠠᠯ ᠨᠢ ᠥᠩᠭᠡ ᠲᠠᠢ | ᠥᠭᠡᠳᠡ ᠲᠠᠢ ᠪᠣᠯᠵᠤ᠂ ᠥᠪᠡᠷ ᠲᠡᠭᠡᠨ ᠴᠤ ᠡᠳᠦᠷ ᠪᠦᠷᠢ ᠪᠠᠶᠠᠷ ᠭᠦᠷ ᠪᠢᠯᠬᠠᠮ᠎ᠠ ᠪᠣᠯᠵᠠᠢ᠃ ︽ᠬᠡᠦᠬᠡᠳ ᠬᠠᠷᠠᠵᠤ | ᠰᠠᠭᠤᠭ᠎ᠠ ᠬᠥᠮᠥᠨ ᠴᠢᠨᠢ ᠶᠡᠭᠡ ᠬᠢᠳᠡᠯ ᠠᠯᠳᠠᠨ᠎ᠠ᠃ ᠬᠠᠶᠠ ᠪᠠᠰᠠ ᠲᠣᠭᠲᠠᠪᠤᠷᠢ ᠠᠯᠳᠠᠵᠤ ᠶᠠᠭᠤ ᠬᠢᠬᠦ ᠪᠠᠨ ᠣᠯᠬᠤ | ᠦᠭᠡᠢ ᠪᠠᠶᠢᠳᠠᠯ ᠳᠤ ᠣᠷᠣᠨ᠎ᠠ᠃ ᠲᠡᠭᠡᠭᠡᠳ ᠨᠤᠮᠤ ᠬᠠᠷᠪᠤᠵᠤ ᠰᠤᠷᠤᠬᠰᠠᠨ ᠠᠴᠠ ᠬᠤᠶᠢᠰᠢ ᠥᠪᠡᠷ ᠤᠨ ᠭᠡᠰᠡᠨ | ᠳᠤᠷ᠎ᠠ ᠪᠠᠬ᠎ᠠ ᠲᠠᠢ ᠪᠣᠯᠵᠤ᠂ ᠡᠳᠦᠷ ᠪᠦᠷᠢ ᠶᠡᠭᠡ ᠶᠠᠭᠠᠷᠠᠤ᠂ ᠲᠡᠭᠡᠭᠡᠳ ᠪᠠᠰᠠ ᠣᠯᠣᠯᠲᠠ ᠲᠠᠢ ᠪᠣᠯᠤᠭᠰᠠᠨ ᠨᠢ | ᠬᠠᠮᠤᠭ ᠤᠨ ᠶᠡᠭᠡ ᠣᠯᠵᠠᠷᠬᠠᠯ︾ ᠭᠡᠵᠦ ᠰᠣᠯᠣᠩᠭ᠎ᠠ ᠶᠠᠷᠢᠪᠠ᠃ ᠰᠡᠳᠬᠢᠯ ᠳᠤ ᠡᠰᠡᠨ ᠪᠤᠰᠠᠨ ᠵᠦᠢᠯ ᠪᠤᠳᠤᠬᠳᠠᠵᠦ᠂ | ᠰᠡᠳᠬᠢᠯ ᠤᠶᠢᠮᠤᠷᠴᠤ ᠪᠠᠶᠢᠬᠤ ᠦᠶᠡᠰ ᠨᠤᠮᠤ ᠪᠠᠨ ᠰᠢᠯᠭᠡᠭᠡᠵᠦ ᠬᠡᠳᠦᠨ ᠰᠤᠮᠤ ᠬᠠᠷᠪᠤᠬᠤ ᠳᠤ ᠯᠠ ᠰᠡᠳᠬᠢᠯ ᠨᠢ | ᠶᠡᠭᠡ ᠲᠣᠭᠲᠠᠭᠤᠨ ᠲᠠᠶᠢᠪᠤᠩ ᠪᠣᠯᠵᠤ ᠢᠷᠡᠳᠡᠭ ᠢᠶᠠᠷ ᠪᠠᠷᠤᠭ ᠯᠠ ᠦᠳᠡ ᠶᠢᠨ ᠬᠤᠶᠢᠨ᠎ᠠ ᠪᠣᠯᠭᠠᠨ ᠰᠣᠷᠢᠭᠠᠨ ᠤ | ᠭᠠᠵᠠᠷ ᠲᠠᠭᠠᠨ ᠣᠴᠢᠵᠤ ᠪᠣᠯᠪᠠᠰᠤᠷᠠᠨ᠎ᠠ᠃ ᠤᠯᠠᠮᠵᠢᠯᠠᠯᠲᠤ ᠰᠤᠷ ᠬᠠᠷᠪᠤᠭ᠎ᠠ ᠨᠢ ᠬᠠᠷᠠᠬᠤ ᠳᠤ ᠳᠡᠮᠡᠢ ᠯᠠ ᠶᠡᠭᠡ | ᠬᠥᠳᠡᠯᠭᠡᠭᠡᠨ ᠦᠭᠡᠢ ᠪᠤᠯᠪᠠᠴᠦ ᠡᠳᠦᠷ ᠪᠦᠷᠢ ᠪᠣᠯᠪᠠᠰᠤᠷᠠᠭᠠᠳ ᠢᠷᠡᠬᠦ ᠳᠤ ᠦᠨᠡᠬᠡᠷ ᠪᠦᠭᠦ ᠪᠡᠶ᠎ᠡ ᠳᠠᠪᠲᠠᠨ | ᠪᠣᠯᠪᠠᠰᠤᠷᠠᠭᠳᠠᠵᠤ ᠪᠠᠶᠢᠭ᠎ᠠ ᠮᠡᠲᠦ᠂ ᠪᠡᠶ᠎ᠡ ᠵᠥᠭᠡᠯᠡᠷᠡᠵᠦ᠂ ᠤᠤᠯ ᠠᠴᠠ ᠪᠠᠨ ᠬᠥᠩᠭᠡᠨ ᠪᠣᠯᠴᠢᠬᠠᠳᠠᠭ ᠨᠢ ᠭᠠᠶᠢᠬᠠᠯᠲᠠᠢ | ᠃ | ᠰᠢᠯᠢ ᠶᠢᠨ ᠭᠤᠣᠯ ᠠᠶᠢᠮᠠᠭ ᠤᠨ ᠰᠥᠨᠢᠳ ᠵᠡᠭᠦᠨ ᠬᠤᠰᠢᠭᠤᠨ ᠤ ᠪᠠᠶᠠᠨᠨᠠᠭᠤᠷ ᠰᠤᠮᠤᠨ ᠤ ᠮᠠᠯᠴᠢᠨ | ᠬᠠᠰᠴᠢᠮᠡᠭ - ᠤᠯᠠᠮᠵᠢᠯᠠᠯᠲᠤ ᠰᠣᠶᠣᠯ ᠢᠶᠠᠨ ᠥᠪᠯᠡᠵᠦ ᠶᠠᠪᠤᠬᠤ ᠨᠢ ᠰᠠᠶᠢᠬᠠᠨ | ᠬᠤᠰᠢᠭᠤᠨ ᠠᠴᠠ ᠡᠷᠭᠢᠯᠡᠭᠰᠡᠨ ᠤᠯᠠᠮᠵᠢᠯᠠᠯᠲᠤ ᠰᠤᠷ ᠬᠠᠷᠪᠤᠭ᠎ᠠ ᠶᠢᠨ ᠪᠣᠯᠪᠠᠰᠤᠷᠠᠯ ᠢᠶᠠᠷ ᠲᠠᠮᠵᠢᠵᠦ | ᠤᠯᠠᠮᠵᠢᠯᠠᠯᠲᠤ ᠰᠤᠷ ᠬᠠᠷᠪᠤᠭ᠎ᠠ ᠳᠤ ᠠᠩᠬᠠᠨ ᠤ ᠲᠠᠨᠢᠯᠲᠠ ᠲᠠᠢ ᠪᠣᠯᠤᠭᠰᠠᠨ ᠬᠠᠰᠴᠢᠮᠡᠭ ᠰᠤᠷ ᠬᠠᠷᠪᠤᠭ᠎ᠠ ᠶᠢ ᠰᠤᠷᠴᠤ | ᠤᠯᠠᠮᠵᠢᠯᠠᠭᠠᠳ 4 ᠵᠢᠯ ᠤᠨ ᠨᠢᠭᠤᠷ ᠦᠵᠡᠵᠦ ᠪᠤᠢ᠃ ᠬᠠᠮᠤᠭ ᠠᠩᠬ᠎ᠠ ᠤᠯᠠᠨ ᠤ ᠡᠮᠦᠨ᠎ᠡ ᠭᠠᠷᠴᠤ ᠰᠤᠷ | ᠬᠠᠷᠪᠤᠬᠤ ᠳᠤ ᠠᠶᠤᠵᠤ ᠰᠠᠨᠳᠤᠷᠳᠠᠭ ᠪᠠᠶᠢᠭᠰᠠᠨ ᠪᠦᠰᠡᠭᠦᠢ ᠤᠳᠤ ᠬᠠᠷᠢᠨ ᠨᠤᠮᠤ ᠰᠤᠮᠤ ᠪᠠᠨ ᠪᠠᠷᠢᠭᠠᠳ ᠯᠠ | ᠠᠪᠤᠪᠠᠯ ᠲᠡᠭᠷᠢ ᠨᠤᠷᠠᠭᠰᠠᠨ ᠴᠤ ᠬᠠᠶᠢᠬᠤᠷᠬᠤ ᠦᠭᠡᠢ ᠮᠡᠲᠦ ᠲᠠᠶᠢᠪᠤᠩ ᠪᠣᠯᠵᠠᠢ᠃ ᠬᠥᠮᠥᠨ ᠤ ᠳᠣᠲᠣᠭᠠᠳᠤ | ᠰᠡᠳᠬᠢᠯ ᠲᠣᠭᠲᠠᠭᠤᠨ ᠲᠠᠶᠢᠪᠤᠩ ᠪᠣᠯ ᠪᠡᠶ᠎ᠡ ᠠᠮᠠᠷᠠᠵᠤ᠂ ᠰᠡᠳᠬᠢᠯ ᠪᠠᠶᠠᠰᠤᠩᠭᠤᠢ ᠪᠤᠯᠳᠠᠭ ᠤᠨ ᠤᠴᠢᠷ ᠰᠤᠷ | ᠬᠠᠷᠪᠤᠭ᠎ᠠ ᠰᠤᠷᠤᠬᠰᠠᠨ ᠠᠴᠠ ᠥᠨᠥ ᠪᠤᠯᠳᠠᠯ᠎ᠠ ᠥᠪᠡᠷ ᠤᠨ ᠳᠤᠷ᠎ᠠ ᠪᠠᠬ᠎ᠠ ᠪᠠᠨ ᠬᠥᠭᠵᠢᠭᠦᠯᠵᠦ᠂ ᠥᠪᠡᠷ ᠤᠨ | ᠠᠮᠢᠳᠤᠷᠠᠯ ᠢᠶᠠᠨ ᠤᠳᠬ᠎ᠠ ᠠᠭᠤᠯᠭ᠎ᠠ ᠲᠠᠢ ᠴᠢᠮᠡᠵᠦ ᠶᠠᠪᠤᠭ᠎ᠠ ᠨᠢ ᠬᠠᠮᠤᠭ ᠤᠨ ᠶᠡᠭᠡ ᠣᠯᠣᠯᠲᠠ᠃ ︽ | ᠮᠣᠩᠭᠤᠯ ᠢᠶᠠᠷ ᠢᠶᠠᠨ ᠭᠤᠶᠣᠯᠠᠭᠠᠳ ᠤᠯᠠᠮᠵᠢᠯᠠᠯᠲᠤ ᠰᠣᠶᠣᠯ ᠢᠶᠠᠨ ᠤᠯᠠᠮᠵᠢᠯᠠᠵᠤ ᠬᠥᠭᠵᠢᠭᠦᠯᠵᠦ ᠶᠠᠪᠤᠬᠤ ᠳᠤ | ᠥᠪᠡᠷ ᠤᠨ ᠬᠦᠴᠦ ᠨᠡᠮᠡᠷᠢ ᠪᠠᠨ ᠡᠷᠭᠦᠵᠦ ᠪᠠᠶᠢᠨ᠎ᠠ ᠭᠡᠵᠦ ᠪᠤᠳᠤᠬᠤ ᠠᠴᠠ ᠰᠡᠳᠬᠢᠯ ᠳᠤ ᠲᠠᠭᠠᠲᠠᠢ ᠰᠠᠨᠠᠭᠳᠠᠳᠠᠭ᠃ | ᠡᠭᠦᠨ ᠠᠴᠠ ᠭᠠᠳᠠᠨ᠎ᠠ ᠬᠠᠷᠪᠤᠭ᠎ᠠ ᠰᠤᠷᠤᠬᠰᠠᠨ ᠠᠴᠠ ᠬᠤᠶᠢᠰᠢ ᠪᠡᠶ᠎ᠡ ᠶᠡᠭᠡ ᠬᠥᠩᠭᠡᠷᠡᠵᠦ᠂ ᠴᠢᠯᠡᠭᠡᠷᠡᠵᠦ ᠵᠦᠳᠡᠷᠡᠳᠡᠭ | ᠪᠠᠶᠢᠭᠰᠠᠨ ᠨᠢ ᠴᠤ ᠵᠦᠭᠡᠷ ᠪᠣᠯᠤᠭᠰᠠᠨ ᠪᠠᠶᠢᠨ᠎ᠠ︾ ᠭᠡᠵᠦ ᠬᠠᠰᠴᠢᠮᠡᠭ ᠶᠠᠷᠢᠨ᠎ᠠ᠃ ᠲᠡᠷᠡᠪᠡᠷ ᠰᠤᠷ ᠬᠠᠷᠪᠤᠭ᠎ᠠ | ᠰᠤᠷᠤᠬᠰᠠᠨ ᠠᠴᠠ ᠬᠤᠶᠢᠰᠢ ᠪᠡᠶ᠎ᠡ ᠶᠢᠨ ᠴᠢᠯᠡᠭᠡ ᠪᠠᠨ ᠲᠠᠶᠢᠯᠬᠤ᠂ ᠪᠡᠶ᠎ᠡ ᠮᠠᠬᠠᠪᠤᠳ ᠢᠶᠠᠨ ᠳᠠᠪᠲᠠᠨ | ᠪᠤᠯᠪᠠᠰᠤᠷᠠᠭᠤᠯᠬᠤ ᠲᠠᠮᠢᠷ ᠤᠨ ᠬᠥᠳᠡᠯᠭᠡᠭᠡᠨ ᠲᠠᠢ ᠪᠣᠯᠤᠭᠰᠠᠨ ᠠᠴᠠ ᠪᠡᠶ᠎ᠡ ᠰᠡᠳᠬᠢᠯ ᠢᠶᠠᠨ ᠪᠠᠶᠠᠷᠯᠠᠭᠤᠯᠬᠤ | ᠪᠣᠯᠤᠭᠰᠠᠨ ᠢᠶᠠᠷ ᠪᠠᠷᠠᠬᠤ ᠦᠭᠡᠢ ᠭᠠᠵᠠᠷ ᠭᠠᠵᠠᠷ ᠤᠨ ᠬᠠᠷᠪᠤᠭᠠᠴᠢᠳ ᠲᠠᠢ ᠲᠠᠨᠢᠯᠴᠠᠨ᠂ ᠤᠷᠤᠯᠳᠤᠭᠠᠨ | ᠲᠡᠮᠡᠴᠡᠭᠡᠨ ᠳᠤ ᠤᠷ᠎ᠠ ᠮᠡᠷᠭᠡᠵᠢᠯ ᠢᠶᠠᠨ ᠰᠣᠷᠢᠵᠤ ᠶᠠᠪᠤᠬᠤ ᠨᠢ ᠤᠯᠠᠮ ᠢᠯᠡᠭᠦᠦ ᠵᠢᠷᠭᠠᠯ ᠲᠠᠢ ᠰᠠᠨᠠᠭᠳᠠᠬᠤ ᠪᠣᠯᠤᠭᠰᠠᠨ | ᠪᠠᠶᠢᠨ᠎ᠠ᠃ | | | |