| | ᠪᠤᠶᠠᠨᠪᠠᠲᠤ | | - ᠭᠠᠳᠠᠨ᠎ᠠ ᠬᠤᠶᠠᠷ | | ᠬᠡᠷᠢᠶᠡᠨ ᠳᠤ ᠬᠠᠶᠢᠷᠠᠲᠠᠢ᠂ ᠬᠡᠳᠡᠭᠡᠨ᠎ᠡ ᠳᠤ ᠬᠠᠶᠢᠷᠠᠲᠠᠢ | ᠬᠡᠨ ᠴᠦ ᠲᠡᠭᠦᠨ ᠢ ᠦᠵᠡᠨ ᠶᠠᠳᠠᠳᠠᠭ ᠪᠣᠯᠬᠤᠷ ᠨᠢ ᠲᠡᠷᠡ ᠶᠤᠮ | ᠰᠦᠨᠡᠰᠦᠨ ᠳᠤ ᠬᠠᠶᠢᠷᠠᠲᠠᠢ᠂ ᠰᠤᠪᠢᠩ ᠳᠤ ᠪᠠᠰᠠ ᠬᠠᠶᠢᠷᠠᠲᠠᠢ | ᠬᠥᠮᠥᠰ ᠲᠡᠭᠦᠨ ᠤ ᠪᠠᠶᠢᠬᠤ ᠡᠰᠡᠬᠦ ᠳᠤ ᠡᠷᠡᠭᠡᠯᠵᠡᠳᠡᠭ ᠪᠣᠯᠬᠤᠷ ᠨᠢ ᠲᠡᠷᠡ ᠶᠤᠮ | ᠢᠯᠠᠭᠳᠠᠯ ᠠᠴᠠ ᠠᠰᠬᠠᠷᠠᠭᠰᠠᠨ ᠨᠢᠯᠪᠤᠰᠤᠨ ᠳᠤ ᠪᠢ ᠬᠠᠶᠢᠷᠠᠲᠠᠢ | ᠭᠠᠰᠢᠭᠤᠬᠠᠨ ᠪᠤᠯᠪᠠᠴᠤ ᠦᠨᠡᠨ ᠪᠠᠶᠢᠳᠠᠭ ᠪᠣᠯᠬᠤᠷ ᠨᠢ ᠲᠡᠷᠡ ᠶᠤᠮ | ᠬᠠᠶᠢᠷ᠎ᠠ ᠶᠢᠨ ᠴᠢᠯᠠᠭᠤᠨ ᠳᠤ ᠪᠦᠳᠦᠷᠢᠭᠰᠡᠨ ᠬᠠᠷᠠᠩᠭᠤᠢ ᠭᠤᠨᠢᠭ ᠲᠤ ᠬᠠᠶᠢᠷᠠᠲᠠᠢ | ᠢᠵᠢᠯ ᠰᠢᠷᠭ᠎ᠠ ᠣᠳᠣ ᠲᠡᠭᠦᠨ ᠤ ᠲᠥᠯᠥᠭᠡ ᠡᠮᠲᠡᠷᠡᠳᠡᠭ ᠪᠣᠯᠬᠤᠷ ᠨᠢ ᠲᠡᠷᠡ ᠶᠤᠮ | ᠪᠦᠭᠦ ᠴᠡᠴᠡᠭ ᠤᠨ ᠳᠤᠮᠳᠠ ᠠᠴᠠ ︽ᠪᠠᠶᠢᠬᠤ ᠦᠭᠡᠢ︾ ᠴᠡᠴᠡᠭ ᠲᠤᠨᠢ ᠬᠠᠶᠢᠷᠠᠲᠠᠢ | ᠪᠦᠷ ᠲᠠᠨᠤᠭ ᠢᠶᠠᠨ ᠪᠠᠷᠠᠭᠰᠠᠨ ᠮᠠᠶᠢᠵᠢᠭᠢᠷ ᠮᠠᠭᠤ ᠭᠤᠳᠤᠯ ᠳᠤ ᠬᠠᠶᠢᠷᠠᠲᠠᠢ | ᠪᠢᠴᠢᠭᠳᠡᠭᠡ ᠦᠭᠡᠢ ᠪᠤᠶᠤ ᠮᠠᠷᠲᠠᠭᠳᠠᠭᠰᠠᠨ ᠰᠢᠯᠦᠭ ᠲᠤ ᠬᠠᠶᠢᠷᠠᠲᠠᠢ | ᠪᠦᠷᠦᠭ ᠵᠠᠶᠠᠭᠠᠨ ᠳᠠᠭᠠᠨ ᠭᠤᠲᠤᠷᠠᠵᠤ᠂ ᠪᠦᠭᠦᠨ ᠠᠴᠠ ᠵᠠᠢ ᠪᠠᠷᠢᠭᠰᠠᠨ ᠲᠡᠷᠡ ᠬᠥᠮᠥᠨ ᠳᠤ ᠬᠠᠶᠢᠷᠠᠲᠠᠢ | ᠠᠷᠢᠬᠢᠨ ᠳᠤᠨᠢ ᠪᠤᠰᠤ ᠲᠡᠭᠦᠨ ᠤ ᠰᠠᠪᠠᠨ ᠳᠤᠨᠢ ᠢᠯᠡᠭᠦᠦ ᠬᠠᠶᠢᠷᠠᠲᠠᠢ | ᠠᠳᠠ ᠱᠦᠭᠯᠡᠭᠰᠡᠨ ᠰᠢᠩᠭᠡᠨ ᠳᠠᠮᠰᠢᠭ ᠢ ᠲᠡᠷᠡ ᠯᠡ ᠳᠡᠶᠢᠯᠳᠡᠭ ᠪᠣᠯᠬᠤᠷ ᠨᠢ ᠁ | ᠮᠠᠭᠲᠠᠭᠠᠯ ᠢᠶᠠᠷ ᠪᠤᠯᠠᠭᠤᠯᠤᠭᠰᠠᠨ ᠮᠠᠩᠯᠠᠢ ᠳᠤᠨᠢ ᠪᠤᠰᠤ ᠰᠢᠷᠣᠶᠢᠲᠠᠬᠰᠠᠨ ᠪᠦᠭᠡ ᠳᠤ ᠨᠡᠩ ᠬᠠᠶᠢᠷᠠᠲᠠᠢ | ᠮᠠᠨᠤᠨ ᠴᠡᠩᠬᠡᠷ ᠨᠤᠲᠤᠭ ᠤᠨ ᠢᠶᠠᠨ ᠰᠢᠷᠣᠢ ᠶᠢ ᠰᠥᠬᠦᠷᠡᠵᠦ ᠠᠳᠢᠰᠯᠠᠭᠰᠠᠨ ᠪᠣᠯᠬᠤᠷ ᠨᠢ ᠁ | ᠨᠢᠭᠦᠯᠲᠦ ᠰᠤᠮᠤᠨ ᠳᠤ ᠬᠠᠮᠤᠭ ᠤᠨ ᠲᠦᠷᠦᠭᠦᠨ ᠳᠤ ᠥᠷᠲᠥᠭᠰᠡᠨ ︽ᠨᠡᠷ᠎ᠡ ᠦᠭᠡᠢ ᠪᠠᠭᠠᠲᠤᠷ︾ ᠲᠤ | ᠬᠠᠶᠢᠷᠠᠲᠠᠢ | ᠨᠢᠵᠢᠭᠢᠨᠡᠭᠰᠡᠨ ᠢᠯᠠᠯᠲᠠ ᠳᠤ ︽ᠢᠪᠡᠭᠡᠰᠦ︾ ᠪᠣᠯᠤᠭ᠎ᠠ ᠦᠭᠡᠢ ᠪᠣᠯ ᠵᠠᠩᠵᠤᠨ ᠬᠠᠮᠢᠭ᠎ᠠ ᠠᠴᠠ ᠲᠦᠷᠦᠭᠦ | ᠶᠤᠮ ᠪᠤᠢ | ᠨᠣᠣᠷᠬᠠᠢ ᠮᠠᠭᠤ ᠳᠠᠭ᠎ᠠ ᠬᠤᠪᠢᠯᠭᠠᠨ ᠭᠦᠯᠦᠭ ᠪᠣᠯᠤᠭᠰᠠᠨ ᠳᠣᠮᠤᠭ ᠲᠤ ᠪᠢ ᠬᠠᠶᠢᠷᠠᠲᠠᠢ | ᠨᠣᠮᠣᠬᠠᠨ ᠰᠢᠳᠤᠷᠭᠤ ᠶᠢᠨ ︽ᠲᠤᠯᠤᠭᠠᠰᠤ︾ ᠦᠭᠡᠢ ᠶᠤᠮ ᠪᠣᠯ ᠲᠥᠷᠥ ᠶᠠᠭᠠᠬᠢᠵᠤ ᠲᠣᠭᠲᠠᠬᠤ ᠶᠤᠮ ᠪᠤᠢ | ᠢᠷᠡᠬᠦ ᠤᠴᠢᠷᠲᠠᠢ ᠶᠠᠭᠤᠮᠠᠨ ᠤ ᠢᠷᠡᠭᠡ ᠦᠭᠡᠢ ᠳᠤᠨᠢ ᠬᠠᠶᠢᠷᠠᠲᠠᠢ | ᠢᠯᠡᠭᠦᠦ ᠳᠤᠨᠢ ᠪᠤᠰᠤ ᠳᠤᠲᠠᠭᠤ ᠳᠤᠨᠢ ᠨᠡᠩ ᠬᠠᠶᠢᠷᠠᠲᠠᠢ | ᠰᠡᠯᠪᠢᠭᠡ ᠦᠭᠡᠢ ᠪᠤᠷᠠᠨᠲᠠᠭ᠂ ᠦᠨᠦᠰᠦᠭᠡ ᠦᠭᠡᠢ ᠤᠷᠤᠭᠤᠯ ᠳᠤ ᠬᠠᠶᠢᠷᠠᠲᠠᠢ | ᠰᠡᠷᠡᠭᠡ ᠦᠭᠡᠢ ᠵᠡᠭᠦᠳᠦ᠂ ᠣᠷᠤᠭ᠎ᠠ ᠦᠭᠡᠢ ᠪᠣᠷᠣᠭᠠᠨ ᠳᠤ ᠬᠠᠶᠢᠷᠠᠲᠠᠢ | ᠵᠣᠪᠠᠯᠠᠩ ᠳᠤ ᠬᠠᠶᠢᠷᠠᠲᠠᠢ᠂ ᠵᠣᠪᠠᠯᠠᠩ ᠤᠨ ᠰᠢᠯᠲᠠᠭᠠᠨ ᠳᠤ ᠪᠦᠷ ᠬᠠᠶᠢᠷᠠᠲᠠᠢ | ᠵᠣᠪᠠᠵᠤ ᠦᠵᠡᠭᠡ ᠦᠭᠡᠢ ᠬᠥᠮᠥᠨ ᠵᠢᠷᠭᠠᠵᠤ ᠶᠠᠪᠤᠭ᠎ᠠ ᠪᠠᠨ ᠮᠡᠳᠡᠳᠡᠭ ᠦᠭᠡᠢ ᠳᠤᠨᠢ ᠲᠡᠷᠡ ᠶᠤᠮ | ᠵᠣᠯᠪᠢᠩ ᠨᠣᠬᠠᠢ ᠤᠷᠤᠭᠤ ᠰᠢᠳᠡᠭᠳᠡᠭᠡᠳ ᠣᠨᠤᠭ᠎ᠠ ᠦᠭᠡᠢ ᠲᠡᠷᠡ ᠴᠢᠯᠠᠭᠤᠨ ᠳᠤ ᠬᠠᠶᠢᠷᠠᠲᠠᠢ | ᠵᠣᠯ ᠪᠤᠰᠤ ᠶᠢᠨ ᠲᠣᠬᠢᠶᠠᠯᠳᠤᠯ ᠠᠴᠠ ᠬᠠᠭᠠᠴᠠᠶᠢᠯᠠᠭᠴᠢ ᠲᠠᠪᠢᠯᠠᠩ ᠪᠠᠶᠢᠳᠠᠭ ᠲᠤᠨᠢ ᠲᠡᠷᠡ ᠶᠤᠮ | ᠬᠠᠪ ᠬᠠᠷ᠎ᠠ ᠬᠡᠷᠢᠶᠡᠨ ᠠᠴᠠ ᠴᠠᠪ ᠴᠠᠭᠠᠨ ᠨᠢᠯᠪᠤᠰᠤ ᠤᠨᠠᠨ᠎ᠠ | ᠲᠡᠷᠡ ᠨᠢᠯᠪᠤᠰᠤᠨ ᠳᠤ ᠤᠷᠭᠤᠳᠠᠭ ᠦᠭᠡᠢ ᠴᠡᠴᠡᠭ ᠤᠷᠭᠤᠨ᠎ᠠ | ᠭᠡᠯᠡ ᠦᠭᠡᠢ ᠰᠠᠯᠬᠢ᠂ ᠬᠡ ᠦᠭᠡᠢ ᠭᠡᠷᠡᠯ ᠰᠦᠯᠡᠯᠳᠦᠨᠡ | ᠲᠡᠷᠡ ᠣᠭᠲᠣᠯᠣᠯᠴᠠᠯ ᠠᠴᠠ ᠬᠠᠷᠠᠭᠳᠠᠬᠤ ᠦᠭᠡᠢ ᠭᠠᠶᠢᠬᠠᠮᠰᠢᠭ ᠳᠡᠪᠬᠡᠴᠡᠨᠡ | ᠡᠷᠡᠮᠡᠬᠡᠢ ᠠᠷᠢᠶᠠᠲᠠᠨ ᠢ ᠡᠷᠬᠡᠰᠢᠶᠡᠯ ᠳᠡᠭᠡᠨ ︽ᠨᠤᠬᠤᠭᠰᠠᠨ︾ ᠬᠦᠢᠲᠡᠨ ᠲᠣᠣᠷᠣᠨ ᠳᠤ ᠬᠠᠶᠢᠷᠠᠲᠠᠢ | ᠡᠷᠬᠡ ᠴᠢᠯᠦᠭᠡ ᠭᠡᠭᠴᠢ ᠶᠠᠮᠠᠷ ᠦᠨᠡᠲᠡᠢ ᠶᠢ ᠲᠡᠷᠡ ᠲᠡᠭᠷᠢ ᠳᠤ ᠵᠠᠷᠯᠠᠭᠰᠠᠨ | ᠡᠷᠲᠡᠨ ᠤ ᠪᠠᠭᠤᠴᠠᠨ ᠳᠡᠭᠡᠷᠡᠬᠢ ᠬᠠᠭᠠᠷᠬᠠᠢ ᠱᠠᠭᠠᠵᠠᠩ ᠤᠨ ᠬᠡᠯᠲᠡᠷᠬᠡᠢ ᠳᠤ ᠬᠠᠶᠢᠷᠠᠲᠠᠢ | ᠡᠪ ᠳᠥᠨᠵᠢᠨ ᠭᠡᠳᠡᠭ ᠶᠠᠮᠠᠷ ᠤᠴᠢᠷᠲᠠᠢ ᠶᠢ ᠲᠡᠷᠡ ᠲᠡᠦᠬᠡᠨ ᠳᠤ ᠵᠠᠩᠭᠢᠳᠤᠭᠰᠠᠨ | ᠭᠦᠷᠦᠭᠰᠡᠨ ᠠᠮᠵᠢᠯᠲᠠ ᠴᠢᠨᠢ ᠡᠴᠦᠰ ᠤᠨ ᠥᠷᠲᠡᠭᠡ ᠪᠢᠰᠢ ᠰᠢᠦ ᠳ᠋ᠡ | ᠭᠥᠷᠳᠡᠭᠰᠡᠨ ᠵᠢᠷᠭᠠᠯ ᠴᠢᠨᠢ ᠨᠠᠰᠤᠨ ᠤ ᠪᠤᠶᠠᠨ ᠪᠢᠰᠢ ᠰᠢᠦ ᠳ᠋ᠡ | ᠬᠥᠮᠥᠰ ᠶᠡᠷᠦᠨᠢ ᠥᠨᠳᠥᠷ ᠠᠭᠤᠯᠠ ᠶᠢᠨ ᠣᠷᠣᠢ ᠶᠢ ᠬᠠᠷᠠᠵᠤ ᠰᠦᠵᠢᠭ ᠨᠢ ᠪᠤᠴᠠᠯᠳᠠᠭ | ᠬᠥᠬᠡᠮᠳᠦᠭ ᠲᠡᠷᠡ ᠰᠦᠷ ᠪᠠᠷ᠎ᠠ ᠴᠢᠨᠢ ᠪᠡᠯ ᠤᠨ ᠴᠢᠯᠠᠭᠤᠨ ᠠᠴᠠ ᠡᠬᠢᠯᠡᠭᠰᠡᠨ ᠶᠤᠮ ᠰᠢᠦ | ᠢᠯᠡ ᠦᠵᠡᠭᠳᠡᠯ ᠳᠤ ᠪᠢᠳᠡ ᠦᠬᠦᠲᠡᠯ᠎ᠡ ᠪᠠᠨ ᠳᠤᠷᠠᠲᠠᠢ | ᠢᠯᠠᠭᠤᠭᠰᠠᠨ ᠪᠦᠭᠦᠨ ᠢ ︽ᠤᠷᠤᠭᠤᠯ ᠢᠶᠠᠨ ᠵᠢᠪᠡᠷᠡᠲᠡᠯᠡ︾ ᠤᠤᠬᠠᠶᠢᠯᠠᠳᠠᠭ | ᠢᠯᠳᠠᠮ ᠭᠤᠪᠠᠢ ᠪᠠᠳᠮ᠎ᠠ ᠯᠢᠩᠬᠤ᠎ᠠ ᠪᠠᠯᠴᠢᠭ ᠰᠢᠪᠠᠷ ᠠᠴᠠ ᠯᠠ ᠤᠷᠭᠤᠳᠠᠭ | ᠶᠢᠷᠲᠢᠨᠴᠦ ᠶᠢᠨ ᠮᠥᠨ ᠴᠢᠨᠠᠷ ︽ᠡᠶᠡᠷᠭᠦ ᠰᠥᠭᠡᠷᠭᠦ︾ ᠶᠢᠨ ᠬᠠᠷᠰᠢᠯ ᠠᠴᠠ ᠳᠦᠷᠦᠳᠡᠭ | ᠮᠠᠭᠠᠳ ᠦᠭᠡᠢ ᠪᠦᠭᠦ ᠪᠤᠷᠤᠭᠤ ᠨᠢ ᠵᠥᠪ ᠴᠦ ᠪᠠᠶᠢᠵᠤ ᠪᠤᠯᠬᠤ ᠣᠷᠴᠢᠯᠠᠩ ᠳᠤ | ᠮᠠᠨᠠᠨᠲᠤ ᠵᠡᠭᠦᠳᠦᠨ ᠤ ᠦᠯᠢᠭᠡᠷ ᠮᠡᠲᠦ ᠤᠴᠢᠷ ᠨᠢ ᠣᠯᠳᠠᠬᠤ ᠦᠭᠡᠢ ᠲᠥᠭᠡᠷᠢᠯᠳᠦᠭᠰᠡᠨ ᠶᠤᠮ | ᠮᠠᠷᠭᠠᠰᠢ ᠠᠴᠠ ᠪᠤᠰᠤ ᠥᠴᠥᠭᠡᠳᠦᠷ ᠠᠴᠠ ᠰᠡᠪᠡᠯᠵᠡᠬᠦ ᠢᠷᠡᠭᠡᠳᠦᠢ ᠶᠢ | ᠮᠠᠷᠲᠠᠬᠤᠢ ᠶᠢᠨ ᠬᠤᠭᠤᠰᠤᠨ ᠳᠤ ᠵᠢᠪᠦᠭᠰᠡᠨ ᠡᠰᠡᠷᠭᠦ ᠬᠠᠶᠢᠷ᠎ᠠ ᠠᠴᠠ ᠯᠡ ᠮᠡᠳᠡᠷᠡᠭᠰᠡᠨ ᠶᠤᠮ | | ᠲᠡᠰᠦᠭᠡᠳ ᠦᠯᠡᠳᠡ᠄ ᠪᠦᠭᠦ ᠶᠠᠭᠤᠮ᠎ᠠ ᠥᠩᠭᠡᠷᠡᠨ᠎ᠡ | ᠲᠡᠭᠷᠢ ᠴᠦ ᠶᠣᠰᠣᠲᠠᠢ ᠨᠢᠭᠡ ᠭᠠᠯᠵᠠᠭᠤᠷᠠᠬᠤ ᠨᠢ ᠁ | ᠲᠡᠮᠡᠭᠡ ᠰᠢᠭ ᠠᠮᠤᠭᠤᠯᠠᠩ ᠠᠭᠤᠯᠠ ᠤᠰᠤ ᠮᠢᠨᠢ | ᠲᠡᠰᠦᠭᠡᠳ ᠥᠩᠭᠡᠷᠡᠭᠦᠯ︕ ᠲᠡᠰᠦᠭᠡᠳ ᠥᠩᠭᠡᠷᠡᠭᠦᠯ︕ | ᠲᠡᠭᠡᠰᠬᠢᠭᠡᠳ ᠶᠠᠭᠤ ᠴᠦ ᠪᠣᠯᠤᠭ᠎ᠠ ᠦᠭᠡᠢ ᠶᠤᠮ ᠰᠢᠭ ᠲᠠᠶᠢᠪᠤᠰᠢᠷᠠᠨ᠎ᠠ | ᠰᠢᠭᠤᠷᠭ᠎ᠠ ᠶᠣᠰᠣᠲᠠᠢ ᠮᠠᠩᠭᠤᠰ ᠰᠢᠭ᠋ ᠳᠣᠪᠲᠣᠯᠬᠤ ᠨᠢ ᠁ | ᠰᠢᠨᠡᠬᠡᠨ ᠨᠢᠳᠦ ᠪᠠᠨ ᠳᠥᠩᠭᠡᠵᠦ ᠨᠡᠭᠡᠭᠡᠭᠰᠡᠨ ᠡᠪᠡᠰᠦ ᠨᠣᠭᠤᠭ᠎ᠠ ᠮᠢᠨᠢ | ᠲᠡᠰᠦᠭᠡᠳ ᠦᠯᠡᠳᠡ︕ ᠲᠡᠰᠦᠭᠡᠳ ᠦᠯᠡᠳᠡ︕ | ᠲᠡᠭᠦᠨ ᠤ ᠳᠠᠷᠠᠭ᠎ᠠ ᠪᠣᠷᠤᠭ᠎ᠠ ᠲᠠᠢ ᠤᠯᠠᠷᠢᠯ ᠢᠷᠡᠨ᠎ᠡ | ᠰᠦ ᠰᠢᠭ ᠴᠠᠶᠢᠯᠭᠠᠨ ᠣᠳᠣᠳ ᠢ | ᠭᠦ᠋ ᠰᠢᠭ ᠬᠠᠪ ᠬᠠᠷᠠᠩᠭᠤᠢ ᠨᠦᠮᠦᠷᠢᠨ ᠬᠠᠭᠠᠯ᠎ᠠ | ᠲᠡᠰᠦᠭᠡᠳ ᠪᠠᠢ︕ ᠲᠡᠰᠦᠭᠡᠳ ᠪᠠᠢ︕ | ᠤᠳᠠᠯ ᠦᠭᠡᠢ ᠦᠦᠷ ᠴᠠᠶᠢᠨ᠎ᠠ | ᠤᠷᠲᠤ ᠠᠮᠢᠳᠤᠷᠠᠯ ᠤᠨ ᠪᠣᠭᠤᠨᠢ ᠥᠷᠲᠡᠭᠡᠨ ᠳᠡᠭᠡᠷ᠎ᠡ | ᠠᠭᠤᠯᠵᠠᠬᠤ ᠤᠴᠢᠷᠲᠠᠢ ᠨᠢᠭᠦᠯ ᠶᠤᠮ ᠪᠣᠯ | ᠦᠵᠡᠭᠡᠳ ᠠᠯᠳᠠᠶ᠎ᠠ︕ ᠲᠤᠭᠤᠯᠤᠭᠠᠳ ᠭᠠᠲᠤᠯᠤᠶ᠎ᠠ︕ | ᠲᠡᠰᠦᠭᠡᠳ ᠦᠯᠡᠳᠡ᠄ ᠪᠦᠭᠦ ᠶᠠᠭᠤᠮ᠎ᠠ ᠥᠩᠭᠡᠷᠡᠨ᠎ᠡ | ᠲᠡᠪᠴᠢᠶᠡᠷᠢ ᠶᠢᠨ ᠴᠠᠭᠠᠨ᠎ᠠ ᠲᠡᠭᠷᠢ ᠪᠤᠢ︕ | | ᠦᠯᠦ ᠦᠵᠡᠭᠳᠡᠬᠦ ᠭᠡᠯᠪᠡᠷᠢ | ᠴᠢᠭᠢᠭ ᠨᠢ ᠬᠠᠩᠬᠤᠯᠤᠭᠠᠳ ᠪᠠᠶᠢᠬᠤ ᠶᠤᠮ | ᠬᠤᠷ᠎ᠠ ᠨᠢ ᠬᠠᠮᠢᠭ᠎ᠠ ᠪᠠᠶᠢᠨ᠎ᠠ︖ | ᠰᠡᠭᠦᠳᠡᠷ ᠨᠢ ᠰᠡᠩᠭᠢᠨᠡᠭᠡᠳ ᠪᠠᠶᠢᠬᠤ ᠶᠤᠮ | ᠡᠭᠦᠯᠡ ᠨᠢ ᠬᠠᠮᠢᠭ᠎ᠠ ᠪᠠᠶᠢᠨ᠎ᠠ︖ | ᠰᠢᠪᠠᠭᠤ ᠨᠢ ᠭᠠᠰᠠᠯᠤᠭᠠᠳ ᠪᠠᠶᠢᠬᠤ ᠶᠤᠮ | ᠮᠣᠳᠣ ᠨᠢ ᠬᠠᠮᠢᠭ᠎ᠠ ᠪᠠᠶᠢᠨ᠎ᠠ︖ | ᠦᠨᠦᠷ ᠨᠢ ᠰᠡᠷᠪᠡᠭᠡᠨᠡᠭᠡᠳ ᠪᠠᠶᠢᠬᠤ ᠶᠤᠮ | ᠡᠪᠡᠰᠦ ᠨᠢ ᠬᠠᠮᠢᠭ᠎ᠠ ᠪᠠᠶᠢᠨ᠎ᠠ︖ | ᠦᠭᠡ ᠨᠢ ᠬᠠᠰᠬᠢᠴᠢᠭᠠᠳ ᠪᠠᠶᠢᠬᠤ ᠶᠤᠮ | ᠦᠢᠯᠡ ᠨᠢ ᠬᠠᠮᠢᠭ᠎ᠠ ᠪᠠᠶᠢᠨ᠎ᠠ︖ | ᠭᠦᠯᠦᠭ ᠨᠢ ᠳᠡᠪᠬᠡᠴᠡᠭᠡᠳ ᠪᠠᠶᠢᠬᠤ ᠶᠤᠮ | ᠪᠡᠯᠴᠢᠭᠡᠷ ᠨᠢ ᠬᠠᠮᠢᠭ᠎ᠠ ᠪᠠᠶᠢᠨ᠎ᠠ︖ | ᠰᠦ ᠨᠢ ᠠᠮᠲᠠᠭᠳᠠᠭᠠᠳ ᠪᠠᠶᠢᠬᠤ ᠶᠤᠮ | ᠰᠦᠷᠦᠭ ᠨᠢ ᠬᠠᠮᠢᠭ᠎ᠠ ᠪᠠᠶᠢᠨ᠎ᠠ︖ | ᠰᠦᠨᠡᠰᠦ ᠨᠢ ᠬᠠᠷᠠᠭᠳᠠᠭᠠᠳ ᠪᠠᠶᠢᠬᠤ ᠶᠤᠮ | ᠪᠡᠶ᠎ᠡ ᠨᠢ ᠬᠠᠮᠢᠭ᠎ᠠ ᠪᠠᠶᠢᠨ᠎ᠠ︖ | ᠮᠥᠷᠥᠭᠡᠳᠦᠯ ᠨᠢ ᠨᠢᠵᠢᠭᠢᠨᠡᠭᠡᠳ ᠪᠠᠶᠢᠬᠤ ᠶᠤᠮ | ᠪᠡᠶᠡᠯᠡᠯ ᠨᠢ ᠬᠠᠮᠢᠭ᠎ᠠ ᠪᠠᠶᠢᠨ᠎ᠠ︖ | ᠮᠥᠨ ᠴᠦ ᠶᠡᠭᠡ ᠪᠠᠷ ᠰᠢᠨᠠᠯᠤᠭᠠᠳ ᠪᠠᠶᠢᠬᠤ ᠶᠤᠮ | ᠪᠢ ᠥᠪᠡᠷ ᠢᠶᠠᠨ ᠬᠠᠮᠢᠭ᠎ᠠ ᠪᠠᠶᠢᠨ᠎ᠠ︖ | ᠬᠠᠶᠢᠭᠰᠠᠨ ᠪᠦᠭᠦᠨ ᠬᠠᠮᠢᠭ᠎ᠠ ᠪᠠᠶᠢᠨ᠎ᠠ︖ | ᠬᠠᠮᠢᠭ᠎ᠠ ᠪᠠᠶᠢᠨ᠎ᠠ︖ | ᠬᠠᠮᠢᠭ᠎ᠠ ᠪᠠᠶᠢᠨ᠎ᠠ⁈ | |