ᠴᠡᠴᠡᠭ ᠬᠦᠷᠭᠡᠬᠦ ᠶᠢᠨ ᠤᠴᠢᠷ
ᠨᠡᠶᠢᠲᠡᠯᠡᠭᠰᠡᠨ ᠴᠠᠭ᠄
2024/12/31
                         ᠬᠤᠩᠭᠤᠷᠵᠤᠯᠠ - ᠡᠷᠡᠭᠲᠡᠢ ᠬᠥᠮᠥᠨ ᠳᠤ ᠪᠡᠯᠡᠭᠯᠡᠬᠦ ᠳᠤ ᠲᠣᠬᠢᠷᠠᠮᠵᠢᠲᠠᠢ᠃              ᠠᠷᠰᠢ ᠶᠢᠨ ᠠᠯᠠᠭ᠎ᠠ - ᠬᠥᠮᠥᠨ ᠳᠤ ᠪᠡᠯᠡᠭᠯᠡᠳᠡᠭ ᠦᠭᠡᠢ᠃              ᠵᠢᠭᠠᠷ ᠡᠪᠡᠰᠦ - ᠨᠠᠶᠢᠵᠠ ᠪᠦᠰᠡᠭᠦᠢ ᠳᠡᠭᠡᠨ ᠪᠡᠯᠡᠭᠯᠡᠬᠦ ᠳᠤ ᠲᠣᠬᠢᠷᠠᠮᠵᠢᠲᠠᠢ᠂ ᠠᠩᠬᠠᠨ ᠤ ᠪᠣᠯᠵᠣᠭᠠᠨ ᠳᠤ ᠪᠠᠷᠢᠬᠤ ᠴᠡᠴᠡᠭ᠃              ᠤᠳᠪᠠᠯᠠ - ᠬᠦᠨᠳᠦᠳᠬᠡᠯ ᠢ ᠢᠯᠡᠷᠬᠡᠶᠢᠯᠡᠳᠡᠭ᠂ ᠠᠯᠪᠠᠨ ᠵᠣᠷᠢᠭᠤᠯᠤᠯᠲᠠ ᠲᠠᠢ᠃              ᠭᠤᠣᠯᠲᠤ ᠪᠣᠷᠣ ᠶᠢᠨ ᠴᠡᠴᠡᠭ - ᠠᠩᠬᠠᠨ ᠤ ᠤᠴᠠᠷᠠᠯ ᠳᠤ ᠪᠡᠯᠡᠭᠯᠡᠪᠡᠯ ᠲᠤᠩ ᠲᠣᠬᠢᠷᠠᠮᠵᠢᠲᠠᠢ᠂ ᠭᠬᠢᠷ ᠦᠭᠡᠢ ᠠᠷᠢᠭᠤᠨ ᠰᠡᠳᠬᠢᠯ ᠤᠨ ᠪᠡᠯᠭᠡᠳᠡᠯ ᠪᠤᠯᠳᠠᠭ᠃              ᠰᠠᠷᠠᠨᠠᠢ ᠴᠡᠴᠡᠭ - ᠬᠦᠨᠳᠦᠳᠬᠡᠯ ᠤᠨ ᠴᠡᠴᠡᠭ᠂ ᠱᠠᠩᠨᠠᠯ ᠠᠪᠤᠭᠰᠠᠨ ᠬᠥᠮᠥᠨ ᠳᠤ ᠬᠠᠰ ᠬᠠᠳᠬᠤᠭᠤᠷ ᠴᠡᠴᠡᠭ ᠲᠠᠢ ᠬᠠᠮᠲᠤ ᠪᠠᠭᠯᠠᠵᠤ ᠦᠭᠳᠡᠭ᠃              ᠰᠢᠷ᠎ᠠ ᠰᠠᠷᠭᠠᠢ - ᠤᠶᠤᠨ ᠤᠬᠠᠭᠠᠨ ᠢ ᠢᠯᠡᠷᠬᠡᠶᠢᠯᠡᠳᠡᠭ᠃ ᠪᠠᠭᠰᠢ ᠳᠠᠭᠠᠨ ᠥᠭᠬᠦ ᠳᠤ ᠬᠡᠷᠡᠭᠯᠡᠳᠡᠭ᠂ ᠰᠢᠷ᠎ᠠ ᠰᠠᠷᠭᠠᠢ ᠶᠢ ᠬᠠᠶᠢᠷᠠᠲᠠᠢ ᠪᠦᠰᠡᠭᠦᠢ ᠳᠡᠭᠡᠨ ᠦᠭᠳᠡᠭ ᠦᠭᠡᠢ᠂ ᠤᠴᠢᠷ ᠨᠢ ᠰᠠᠯᠵᠤ ᠬᠠᠭᠠᠴᠠᠬᠤ ᠤᠴᠢᠷ ᠲᠠᠢ᠃              ᠤᠯᠠᠭᠠᠨ ᠰᠠᠷᠭᠠᠢ - ᠨᠢᠭᠡ ᠰᠢᠷᠬᠡᠭ ᠨᠢ ᠬᠠᠶᠢᠷ᠎ᠠ ᠰᠡᠳᠬᠢᠯ ᠤᠨ ᠪᠡᠯᠭᠡ ᠲᠡᠮᠳᠡᠭ᠂ ᠬᠠᠷᠢᠨ ᠣᠯᠠᠨ ᠰᠢᠷᠬᠡᠭ ᠢ ᠪᠡᠯᠡᠭᠯᠡᠬᠦ ᠨᠢ ᠬᠦᠨᠳᠦᠳᠬᠡᠯ ᠤᠨ ᠢᠯᠡᠷᠡᠯ᠂ ᠭᠤᠷᠪᠠᠨ ᠤᠯᠠᠭᠠᠨ ᠰᠠᠷᠭᠠᠢ ᠨᠢ ᠬᠠᠶᠢᠷ᠎ᠠ ᠬᠦᠨᠳᠦᠳᠬᠡᠯ᠂ ᠮᠥᠩᠬᠡ ᠶᠢᠨ ᠵᠠᠯᠠᠭᠤ ᠨᠠᠰᠤ ᠶᠢ ᠪᠡᠯᠭᠡᠳᠡᠳᠡᠭ᠃              ᠴᠠᠭᠠᠨ ᠰᠠᠷᠭᠠᠢ - ᠡᠷᠡᠭᠦᠯ ᠮᠡᠨᠳᠦ ᠶᠢ ᠪᠡᠯᠭᠡᠳᠡᠳᠡᠭ᠃ ᠮᠥᠨ ᠬᠤᠷᠢᠮ ᠳᠤ ᠶᠠᠭᠠᠨ ᠰᠠᠷᠭᠠᠢ ᠲᠠᠢ ᠬᠠᠮᠲᠤ ᠬᠡᠷᠡᠭᠯᠡᠳᠡᠭ᠂ ᠲᠠᠩ ᠢᠶᠠᠷ ᠴᠦ ᠪᠠᠶᠢᠵᠤ ᠪᠣᠯᠣᠨ᠎ᠠ᠃              ᠬᠡᠯᠡᠭᠡᠢ ᠰᠠᠷᠠᠨ᠎ᠠ - ᠡᠶ᠎ᠡ ᠡᠪ ᠲᠠᠢ᠂ ᠵᠣᠯ ᠵᠢᠷᠭᠠᠯ ᠲᠠᠢ ᠭᠡᠷ ᠪᠦᠯᠢ ᠶᠢ ᠲᠥᠯᠥᠭᠡᠯᠡᠳᠡᠭ ᠤᠴᠢᠷ ᠠᠴᠠ ᠬᠤᠷᠢᠮ ᠤᠨ ᠰᠢᠨ᠎ᠡ ᠬᠤᠣᠰ ᠲᠤ ᠬᠦᠷᠭᠡᠬᠦ ᠳᠤ ᠮᠠᠰᠢ ᠲᠣᠬᠢᠷᠠᠮᠵᠢᠲᠠᠢ᠃              ᠠᠯᠲᠠᠨ ᠵᠤᠯᠠ ᠴᠡᠴᠡᠭ - ᠲᠥᠪ ᠶᠡᠬᠡᠮᠰᠦᠭ᠂ ᠥᠷᠥᠰᠢᠶᠡᠯ ᠡᠨᠡᠷᠢᠯ᠂ ᠨᠡᠷ᠎ᠡ ᠬᠦᠨᠳᠦ᠂ ᠥᠨᠢ ᠡᠭᠦᠷᠢᠳᠡ ᠵᠡᠷᠭᠡ ᠶᠢ ᠲᠥᠯᠥᠭᠡᠯᠡᠵᠦ᠂ ᠠᠮᠵᠢᠯᠲᠠ ᠶᠢ ᠪᠡᠯᠭᠡᠯᠡᠵᠦ ᠬᠦᠷᠭᠡᠬᠦ ᠳᠤ ᠲᠣᠬᠢᠷᠠᠮᠵᠢᠲᠠᠢ᠃              ᠬᠡᠯᠲᠡᠭᠡᠢ ᠴᠡᠴᠡᠭ - ᠰᠡᠳᠬᠢᠯ ᠳᠤ ᠬᠥᠰᠢᠭᠡᠯᠡᠭᠰᠡᠨ ᠭᠤᠨᠢᠭ ᠵᠣᠪᠠᠯ ᠢᠶᠠᠨ ᠮᠠᠷᠲᠠᠵᠤ᠂ ᠰᠢᠨ᠎ᠡ ᠠᠮᠢᠳᠤᠷᠠᠯ ᠢᠶᠠᠨ ᠡᠬᠢᠯᠡᠭᠦᠯᠬᠦ ᠤᠳᠬ᠎ᠠ ᠶᠢ ᠢᠯᠡᠳᠬᠡᠨ᠎ᠡ᠃              ᠲᠡᠷᠢᠭᠦᠯᠡᠭᠴᠢ ᠴᠡᠴᠡᠭ - ᠴᠡᠪᠡᠷ ᠠᠷᠢᠭᠤᠨ᠂ ᠡᠷᠡᠰ ᠵᠣᠷᠢᠭ ᠢ ᠢᠯᠡᠳᠬᠡᠵᠦ᠂ ᠠᠬᠠᠮᠠᠳ ᠲᠣᠮᠣᠭᠠᠲᠠᠳ ᠲᠤ ᠬᠦᠷᠭᠡᠬᠦ ᠳᠤ ᠲᠣᠬᠢᠷᠠᠮᠵᠢᠲᠠᠢ᠃              ᠴᠠᠩᠬᠤᠢ ᠴᠡᠴᠡᠭ - ᠵᠣᠷᠢᠭ ᠲᠠᠢ ᠪᠠᠢ᠂ ᠴᠢᠩᠭᠠᠯᠠᠭᠠᠷᠠᠢ ᠭᠡᠬᠦ ᠤᠳᠬ᠎ᠠ ᠲᠠᠢ᠂ ᠡᠪᠡᠳᠴᠢᠲᠡᠨ ᠳᠤ ᠬᠦᠷᠭᠡᠬᠦ ᠳᠤ ᠲᠣᠬᠢᠷᠠᠮᠵᠢᠲᠠᠢ᠃              ᠮᠠᠨᠳᠠᠷᠠᠸ᠎ᠠ ᠴᠡᠴᠡᠭ - ᠪᠠᠶᠠᠨ ᠡᠷᠬᠢᠮᠰᠦᠭ ᠤᠨ ᠪᠡᠯᠭᠡᠳᠡᠯ ᠪᠤᠯᠳᠠᠭ ᠴᠦ ᠬᠥᠮᠥᠨ ᠳᠤ ᠪᠡᠯᠡᠭᠯᠡᠬᠦ ᠳᠤ ᠲᠣᠬᠢᠷᠠᠮᠵᠢ ᠦᠭᠡᠢ᠂ ᠬᠠᠷᠢᠨ ᠠᠵᠢᠯ ᠦᠢᠯᠡᠰ ᠡᠷᠭᠢᠯᠡᠵᠦ ᠡᠭᠦᠳᠡ ᠡᠷᠦᠭᠡ ᠰᠡᠬᠦᠭᠰᠡᠨ ᠥᠯᠵᠡᠶᠢᠲᠦ ᠪᠠᠶᠠᠷ ᠢ ᠪᠡᠯᠭᠡᠯᠡᠬᠦ ᠳᠤ ᠲᠣᠬᠢᠷᠠᠨ᠎ᠠ᠃              ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ  
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号