ᠵᠠᠮᠢᠶᠠᠨ ᠬᠠᠶᠢᠰᠠᠩ | | | ᠡᠵᠡᠨ᠎ᠡ ᠲᠠᠤᠯᠠᠢ ᠶᠢᠨ ᠤᠰᠤᠨ | ᠡᠷᠭᠢ ᠪᠠᠨ ᠬᠠᠯᠢᠨ ᠤᠷᠤᠰᠤᠨ᠎ᠠ | ᠡᠮᠡᠭᠡᠨ ᠪᠤᠭᠤᠷᠤᠯ ᠡᠵᠢ ᠮᠢᠨᠢ | ᠡᠩᠭᠢᠨᠠᠨ ᠳᠠᠭᠤᠯᠠᠵᠤ ᠰᠠᠭᠤᠨ᠎ᠠ | | ᠵᠢᠭᠠᠰᠤ ᠨᠢᠰᠴᠦ ᠪᠠᠶᠢᠨ᠎ᠠ | ᠵᠡᠭᠦᠨ ᠨᠢᠳᠦᠨ ᠤ ᠨᠢᠯᠪᠤᠰᠤ ᠨᠢ ᠰᠤᠪᠨᠠᠭᠤᠷ | ᠪᠠᠷᠠᠭᠤᠨ ᠨᠢᠳᠦᠨ ᠤ ᠨᠢᠯᠪᠤᠰᠤ ᠨᠢ ᠭᠠᠰᠢᠭᠤᠨ ᠨᠠᠭᠤᠷ ︵ 1︶ | ᠠᠷᠤ ᠠᠴᠠ ᠨᠢ ᠶᠠᠰᠤᠲᠤ ᠮᠡᠨᠡᠬᠡᠢ | ᠠᠶᠠᠭᠠᠨ ᠴᠢᠨᠡᠭᠡᠨ ᠭᠡᠵᠡᠨ ᠳᠠᠯᠠᠢ ︵ 2︶ ᠪᠠᠨ ᠡᠭᠦᠷᠦᠭᠡᠳ | ᠠᠳᠠᠰ ᠴᠢᠩᠭᠢᠰ ᠤᠨ ᠭᠤᠪᠢ ᠳᠥᠬᠦᠵᠦ ᠶᠠᠪᠤᠨ᠎ᠠ | | ᠵᠢᠭᠠᠰᠤ ᠨᠢᠰᠴᠦ ᠪᠠᠶᠢᠨ᠎ᠠ | ᠭᠠᠰᠢᠭᠤᠨ ᠨᠠᠭᠤᠷ ᠰᠢᠷᠭᠢᠬᠦ ᠳᠤ ᠪᠢ ᠭᠦᠷᠤᠭ᠍ᠰᠡᠨ ᠶᠤᠮ | ᠲᠣᠭᠤᠰᠣ ᠲᠤᠭᠤᠷᠤᠮ ᠪᠤᠵᠢᠭᠢᠨᠠᠭᠰᠠᠨ ᠨᠠᠭᠤᠷ ᠤᠨ ᠬᠡᠪᠡᠯᠢ ᠳᠤ | ᠲᠤᠩ ᠢᠪᠠᠤ ᠶᠢᠨ ᠰᠡᠭ ᠳᠤᠪᠤ ᠪᠣᠯᠵᠤ | ᠲᠤᠩ ᠴᠠᠭᠠᠨ ᠡᠷᠭᠢ ᠭᠠᠷᠭᠠᠵᠠᠢ | ᠲᠡᠷᠡ ᠡᠷᠭᠢᠨ ᠳᠣᠣᠷ᠎ᠠ ᠨᠢ ᠪᠢ | ᠳᠠᠭᠤᠤ ᠰᠢᠯᠦᠭ ᠢᠶᠠᠨ ᠪᠤᠯᠠᠵᠤ ᠤᠷᠭᠢᠭᠠᠳ ᠮᠣᠷᠳᠠᠭᠰᠠᠨ | ᠡᠷᠭᠢᠵᠦ ᠨᠢᠭᠡ ᠬᠠᠷᠠᠬᠤ ᠳᠤ | ᠨᠠᠪᠳᠠᠭ ᠰᠠᠪᠳᠠᠭ ᠤᠳ ᠨᠢ | ᠪᠣᠷᠣᠭᠠᠨ ᠬᠤᠷ᠎ᠠ ᠪᠠᠨ ᠴᠤ ᠪᠤᠯᠠᠵᠤ ᠬᠠᠷᠠᠭᠳᠠᠭᠰᠠᠨ | | ᠡᠭᠦᠯᠡ ᠲᠦᠷᠦᠭᠴᠢ ᠭᠠᠰᠢᠭᠤᠨ ᠨᠠᠭᠤᠷ ᠮᠢᠨᠤ | ᠪᠣᠷᠣᠭᠠᠨ ᠢᠯᠡᠭᠡᠭᠴᠢ ᠭᠡᠵᠡᠨ ᠳᠠᠯᠠᠢ ᠮᠢᠨᠤ | ᠰᠠᠷᠢᠭ ᠴᠠᠭᠠᠨ ᠢᠩᠭᠡ ᠨᠢ ᠰᠠᠷᠠᠨ ᠤ ᠲᠤᠶᠠᠭᠠᠨ ᠳᠤ ᠭᠤᠩᠭᠢᠨᠠᠨᠠ | ᠰᠠᠶᠢᠬᠠᠨ ᠲᠦᠷᠦᠭᠰᠡᠨ ᠴᠢ ᠮᠢᠨᠢ | ᠡᠵᠡᠨ᠎ᠡ ᠲᠠᠤᠯᠠᠢ ᠶᠢᠨ ᠤᠰᠤᠨ ᠳᠤ ᠯᠠ | | ᠥᠯᠥᠨ ᠴᠠᠭᠠᠨ ᠬᠤᠢ ᠶᠢᠨ ᠦᠵᠦᠭᠦᠷ ᠲᠤ | ᠵᠢᠭᠠᠰᠤ ᠨᠢᠰᠴᠦ ᠪᠠᠶᠢᠨ᠎ᠠ | ᠵᠡᠭᠦᠨ ᠨᠢᠳᠦᠨ ᠤ ᠨᠢᠯᠪᠤᠰᠤ ᠨᠢ ᠰᠤᠪᠨᠠᠭᠤᠷ | ᠪᠠᠷᠠᠭᠤᠨ ᠨᠢᠳᠦᠨ ᠤ ᠨᠢᠯᠪᠤᠰᠤ ᠨᠢ ᠭᠠᠰᠢᠭᠤᠨ ᠨᠠᠭᠤᠷ | ᠬᠤᠶᠢᠨ᠎ᠠ ᠠᠴᠠ ᠨᠢ ᠶᠠᠰᠤᠲᠤ ᠮᠡᠨᠡᠬᠡᠢ | ᠬᠤᠨᠳᠠᠭᠠᠨ ᠴᠢᠨᠡᠭᠡᠨ ᠭᠡᠵᠡᠨ ᠳᠠᠯᠠᠢ ᠪᠠᠨ ᠡᠭᠦᠷᠦᠭᠡᠳ | ᠬᠤᠯᠠᠨ ᠤ ᠵᠠᠳᠠᠭᠠᠢ ᠳᠥᠬᠦᠵᠦ ᠶᠠᠪᠤᠨ᠎ᠠ | | ᠲᠠᠶᠢᠯᠪᠤᠷᠢ᠄ ︵ 1︶ ᠭᠠᠰᠢᠭᠤᠨ ᠨᠠᠭᠤᠷ 1958 ᠣᠨ ᠳᠤ 267 ᠬᠠᠪᠲᠠᠭᠠᠢ ᠳᠥᠷᠪᠡᠯᠵᠢᠨ | ᠺᠢᠯᠣᠮᠧᠲᠷ ᠪᠠᠶᠢᠭᠰᠠᠨ᠃ 1961 ᠣᠨ ᠳᠤ ᠰᠢᠷᠭᠢᠵᠡᠢ᠃ ︵ 2︶ ᠭᠡᠵᠡᠨ ᠳᠠᠯᠠᠢ ᠭᠡᠵᠦ ᠵᠢᠦᠢ ᠶᠠᠨ ᠨᠠᠭᠤᠷ ᠢ | ᠵᠢᠭᠠᠵᠤ ᠪᠠᠶᠢᠨ᠎ᠠ᠃ ᠵᠢᠦᠢ ᠶᠠᠨ ᠭᠡᠳᠡᠭ ᠨᠢ ᠾᠦᠩᠨᠦ ᠦᠭᠡ᠃ ᠬᠠᠨ ᠭᠦᠷᠦᠨ ᠤ ᠦᠶ᠎ᠡ ᠶᠢᠨ ᠳᠠᠭᠤᠳᠠᠯᠭ᠎ᠠ ᠨᠢ 居 | kio延dian᠂ ᠲᠠᠩ ᠭᠦᠷᠦᠨ ᠤ ᠦᠶ᠎ᠡ ᠶᠢᠨ ᠳᠠᠭᠤᠳᠠᠯᠭ᠎ᠠ ᠪᠠᠷ ᠪᠣᠯ 居 kie延jian ᠪᠤᠶᠤ᠃ ᠡᠨᠡ | ᠨᠢ ᠭᠡᠵᠡᠨ ᠪᠤᠶᠤ ᠭᠡᠵᠠᠷ ᠲᠠᠢ ᠤᠶᠢᠷᠠᠯᠴᠭᠠ ᠾᠦᠩᠨᠦ ᠦᠭᠡ᠃ ᠵᠢᠦᠢ ᠶᠠᠨ ᠡᠷᠲᠡᠨ ᠳᠡᠭᠡᠨ 3000 ᠭᠠᠷᠤᠢ | ᠬᠠᠪᠲᠠᠭᠠᠢ ᠳᠥᠷᠪᠡᠯᠵᠢᠨ ᠺᠢᠯᠣᠮᠧᠲᠷ᠂ ᠴᠢᠨ ᠬᠠᠨ ᠤ ᠦᠶ᠎ᠡ ᠳᠤ 720 ᠭᠠᠷᠤᠢ ᠬᠠᠪᠲᠠᠭᠠᠢ ᠳᠥᠷᠪᠡᠯᠵᠢᠨ | ᠺᠢᠯᠣᠮᠧᠲᠷ ᠪᠠᠶᠢᠭᠰᠠᠨ ᠭᠡᠳᠡᠭ᠃ ᠴᠢᠩ ᠤᠯᠤᠰ ᠤᠨ ᠦᠶ᠎ᠡ ᠳᠤ ᠵᠢᠦᠢ ᠶᠠᠨ ᠳᠠᠯᠠᠢ ᠪᠠᠭᠠᠰᠤᠭᠠᠳ᠂ ᠪᠠᠷᠠᠭᠤᠨ ᠵᠢᠦᠢ | ᠶᠠᠨ-ᠭᠠᠰᠢᠭᠤᠨ ᠨᠠᠭᠤᠷ᠂ ᠵᠡᠭᠦᠨ ᠵᠢᠦᠢ ᠶᠠᠨ- ᠰᠤᠪᠨᠠᠭᠤᠷ ᠭᠡᠵᠦ ᠬᠤᠶᠠᠷ ᠨᠠᠭᠤᠷ ᠪᠣᠯᠵᠤ ᠬᠤᠪᠢᠶᠠᠭᠳᠠᠭᠰᠠᠨ | ᠪᠠᠶᠢᠨ᠎ᠠ᠃ | |