| | ᠮ᠊ · ᠭᠠᠯᠪᠠᠭᠠᠲᠤᠷ | | ᠨᠠᠶᠠ ᠭᠦᠷᠤᠭᠡᠳ ᠥᠨᠥᠴᠢᠷᠡᠬᠦ ᠬᠡᠴᠡᠭᠦᠦ | ᠨᠠᠮᠤᠷ ᠪᠣᠯᠣᠭᠠᠳ ᠭᠠᠩᠳᠠᠬᠤ ᠬᠡᠴᠡᠭᠦᠦ | - ᠠᠷᠠᠳ ᠤᠨ ᠵᠦᠢᠷ ᠦᠭᠡ | | ᠴᠢᠨᠦ ᠲᠤᠬᠠᠢ ᠪᠤᠲᠤᠵᠤ ᠬᠤᠨᠣᠬᠤ ᠳᠤ | ᠲᠠᠷᠠᠭ᠎ᠠ ᠲᠥᠷᠥᠯ ᠮᠢᠨᠢ ᠵᠡᠭᠦᠳᠦᠯᠡᠭᠳᠡᠨᠡ | ᠡᠪᠡᠰᠦ ᠪᠦᠭᠦᠨ ᠲᠣᠯᠣᠭᠠᠢ ᠥᠨᠳᠡᠶᠢᠬᠦ ᠡᠳᠦᠷ ᠢ ᠬᠦᠯᠢᠶᠡᠨ᠎ᠡ | | ᠬᠠᠰᠤᠭᠳᠠᠯ ᠪᠤᠶᠤ ᠨᠡᠮᠡᠭᠳᠡᠯ ᠤᠨ ᠵᠣᠷ ᠲᠠᠢ ᠬᠤᠷᠸ᠎ᠠ ᠳᠤ | ᠯᠤᠤᠰ ᠤᠨ ᠥᠬᠢᠨ ᠢ ᠬᠦᠯᠢᠶᠡᠬᠦ ᠡᠰᠡᠬᠦᠯ᠎ᠡ | ᠬᠥᠳᠡᠭᠡ ᠶᠢᠨ ᠪᠣᠷᠣ ᠥᠬᠢᠨ ᠢᠶᠠᠨ ᠬᠠᠶᠢᠷᠠᠯᠠᠬᠤ ᠮᠡᠲᠦ | ᠡᠭᠦᠯᠡᠰ ᠪᠦᠭᠦᠨ ᠢ ᠢᠨᠵᠠᠨᠨᠠᠰᠢ | ᠴᠠᠪ ᠴᠠᠭᠠᠨ ᠢᠶᠠᠷ ᠲᠠᠲᠠᠯᠠᠭᠰᠠᠨ ᠭᠡᠨᠡᠮ︕ | | ᠴᠠᠶᠢᠳᠠᠮ ᠤᠨ ᠪᠤᠷᠵᠠᠩ ᠳᠥᠷᠥᠭᠡᠯᠡᠵᠦ | ᠴᠠᠪᠢ ᠨᠢ ᠤᠯᠠᠶᠢᠭᠰᠠᠨ ᠬᠤᠨᠢᠨ ᠭᠦᠷᠪᠡᠯ | ᠲᠡᠭᠷᠢ ᠰᠢᠷᠲᠡᠵᠤ ᠠᠩᠭᠠᠶᠢᠨ ᠵᠣᠭᠰᠣᠨ᠎ᠠ | ᠰᠡᠭᠦᠯ ᠨᠢ ᠯᠤᠤᠰ ᠤᠨ ᠡᠭᠦᠳᠡ ᠲᠣᠭᠰᠢᠨᠠᠮ | ᠭᠡᠯᠡ ᠨᠢ ᠯᠤᠤ ᠶᠢᠨ ᠨᠢᠳᠦ ᠳᠣᠯᠢᠶᠠᠨᠠᠮ | | ᠣᠪᠣᠭᠠᠨ ᠴᠢᠯᠠᠭᠤ ᠬᠥᠯᠥᠷᠡᠨ | ᠡᠭᠦᠯᠡ ᠪᠤᠲᠤᠬᠲᠠᠬᠤ ᠨᠢ ᠥᠮᠥᠭᠯᠡᠬᠦ ᠮᠡᠲᠦ | ᠨᠢᠭᠦᠯ ᠪᠤᠲᠤᠬᠲᠠᠬᠤ ᠨᠢ ᠥᠨᠥᠴᠢᠷᠡᠬᠦ ᠮᠡᠲᠦ | ᠵᠠᠳ ᠤᠨ ᠴᠢᠯᠠᠭᠤ ᠪᠠᠨ ᠠᠪᠴᠤ ᠭᠠᠷᠭᠠᠶ᠎ᠠ | ᠵᠠᠵᠢᠨ ᠦᠰᠦ ᠪᠠᠨ ᠬᠡᠶᠢᠰᠬᠡᠵᠦ ᠳᠠᠯᠠᠯᠤᠶᠠ | ᠲᠣᠰᠣᠯ ᠲᠣᠰᠣᠯ ᠤᠰᠤ ᠪᠠᠷ ᠡᠭᠦᠯᠡ ᠠᠶᠢᠰᠤᠢ | ᠪᠤᠷᠬᠠᠨ ᠴᠤ ᠠᠶᠢᠰᠤᠢ | | ᠴᠢᠨᠦ ᠱᠠᠭᠢᠬᠤ ᠴᠢᠮᠡᠭᠡ ᠪᠠᠷ | ᠪᠢ ᠡᠷᠬᠡ ᠦᠭᠡᠢ ᠢᠴᠢᠵᠦ ᠬᠡᠪᠲᠡᠨ᠎ᠡ | ᠲᠠᠷᠢᠶ᠎ᠠ ᠮᠡᠲᠦ ᠪᠡᠯᠴᠢᠭᠡᠷ ᠳᠠᠩᠴᠤ ᠬᠡᠷᠡᠭᠲᠡᠢ ᠁ | ᠨᠠᠢᠮᠠᠨ ᠰᠠᠷ᠎ᠠ ᠶᠢᠨ ᠷᠠᠰᠢᠶᠠᠨ ᠮᠢᠨᠢ︕ | ᠬᠢᠴᠢᠶᠡᠯᠲᠦ ᠶᠢᠨ ᠴᠣᠭ᠋ᠣ᠋ᠷᠭᠢᠯ | ᠪᠣᠷᠣᠭᠠᠨ ᠪ᠊ ᠡᠷᠬᠡ ᠪᠠᠷ | | ᠶᠠᠭᠠᠬᠢᠭᠠᠳ ᠴᠦ ᠶᠤᠮ ᠴᠢ ᠨᠠᠮᠠᠶᠢ | ᠭᠤᠣᠯ ᠤᠰᠤ ᠰᠢᠭ᠋ ᠰᠡᠳᠬᠢᠯ ᠲᠠᠢ ᠪᠠᠶᠢᠭᠲᠤᠨ ᠭᠡᠨᠡᠮ | ᠭᠤᠣᠯ ᠤᠰᠤᠨ ᠰᠢᠭ᠋ ᠰᠡᠳᠬᠢᠯ ᠲᠠᠢ ᠪᠣᠯᠤᠭᠰᠠᠨ ᠯᠠ ᠪᠠᠶᠢᠬ᠎ᠠ | ᠭᠤᠣᠯ ᠤᠨ ᠵᠥᠭᠡᠯᠡᠨ ᠴᠢᠯᠠᠭᠤᠳ | ᠤᠰᠤᠨ ᠤ ᠬᠥᠬᠡ ᠨᠢᠯᠪᠤᠰᠤ ᠶᠢ | ᠵᠦᠯᠭᠦᠭᠰᠡᠭᠡᠷ ᠯᠠ ᠪᠠᠶᠢᠬᠤ ᠪᠣᠯᠤᠭᠰᠠᠨ ᠁ | ᠪᠣᠷᠣᠭᠠᠨ ᠤ ᠲᠤᠰᠤᠯ ᠢᠶᠠᠷ ᠪᠦᠲᠦᠭᠰᠡᠨ | ᠪᠤᠭᠤᠷᠤᠯ ᠡᠨᠡᠬᠡᠨ ᠽᠠᠮᠪᠤᠯᠢᠩ | ᠪᠠᠶᠢᠨ ᠪᠠᠶᠢᠨ ᠰᠡᠳᠬᠢᠯ ᠢ ᠮᠢᠨᠢ ᠬᠥᠭᠯᠡᠭᠡᠳ ᠪᠠᠶᠢᠳᠠᠭ ᠨᠢ | ᠪᠤᠳᠠᠩᠭᠤᠢ ᠪᠦᠭᠦᠨ ᠢ ᠨᠡᠪᠳᠡᠯᠡᠭᠴᠢ | ᠪᠤᠷᠬᠠᠨ ᠤ ᠰᠠᠨᠠᠭ᠎ᠠ ᠪᠠᠷ ᠪᠤᠰᠤ | ᠪᠣᠲᠣᠭᠤ ᠲᠣᠷᠤᠮ ᠤᠨ ᠶᠡᠭᠡ ᠭᠤᠪᠢ ᠳᠤ | ᠪᠣᠷᠣᠭᠠᠨ ᠱᠠᠭᠢᠭᠰᠠᠨ ᠤ ᠯᠠ ᠤᠴᠢᠷ ᠶᠤᠮ᠃ | | ᠶᠠᠭᠠᠬᠢᠭᠠᠳ ᠴᠦ ᠶᠤᠮ ᠴᠢ ᠨᠠᠮᠠᠶᠢ | ᠲᠤᠪᠤ ᠲᠣᠯᠣᠭᠠᠳ ᠰᠢᠭ᠋ ᠭᠤᠨᠢᠭ ᠲᠠᠢ ᠪᠠᠶᠢᠭᠲᠤᠨ ᠭᠡᠨᠡᠮ | ᠲᠤᠪᠤ ᠲᠣᠯᠣᠭᠠᠳ ᠰᠢᠭ᠋ ᠭᠤᠨᠢᠭ ᠲᠠᠢ ᠪᠣᠯᠤᠭᠰᠠᠨ ᠯᠠ ᠪᠠᠶᠢᠬ᠎ᠠ | ᠭᠤᠣᠯ ᠤᠨ ᠬᠤᠶᠠᠷ ᠡᠷᠭᠢ | ᠥᠭᠡᠳᠡ ᠥᠭᠡᠳᠡ ᠪᠠᠨ ᠲᠡᠮᠡᠦᠯᠵᠦ | ᠱᠤᠩᠭᠤᠴᠢᠭᠰᠠᠭᠠᠷ ᠯᠠ ᠪᠠᠶᠢᠬᠤ ᠪᠣᠯᠤᠭᠰᠠᠨ ᠁ | ᠪᠣᠷᠣᠭᠠᠨ ᠤ ᠲᠤᠰᠤᠯ ᠢᠶᠠᠷ ᠪᠦᠲᠦᠭᠰᠡᠨ | ᠪᠤᠭᠤᠷᠤᠯ ᠡᠨᠡᠬᠡᠨ ᠽᠠᠮᠪᠤᠯᠢᠩ | ᠪᠠᠶᠢᠨ ᠪᠠᠶᠢᠨ ᠭᠤᠨᠢᠭ ᠢ ᠮᠢᠨᠢ ᠰᠡᠳᠡᠷᠡᠭᠡᠳ ᠪᠠᠶᠢᠳᠠᠭ ᠨᠢ | ᠲᠡᠷᠰᠯᠡᠭᠦᠦ ᠪᠦᠭᠦᠨ ᠢ ᠲᠡᠰᠬᠡᠭᠴᠢ | ᠲᠡᠭᠷᠢ ᠶᠢᠨ ᠰᠠᠨᠠᠭ᠎ᠠ ᠪᠠᠷ ᠪᠤᠰᠤ | ᠲᠡᠰᠢᠶ᠎ᠡ ᠲᠡᠰᠢᠶ᠎ᠡ ᠵᠡᠷᠭᠡᠯᠭᠡᠨ ᠲᠠᠢ ᠭᠤᠪᠢ ᠬᠠᠩᠭᠠᠢ | ᠭᠠᠩᠳᠠᠵᠤ ᠡᠬᠢᠯᠡᠭᠰᠡᠨ ᠤ ᠯᠠ ᠰᠢᠯᠲᠠᠭᠠᠨ ᠶᠤᠮ᠃ | | ᠶᠠᠭᠠᠬᠢᠭᠠᠳ ᠴᠦ ᠶᠤᠮ ᠴᠢ ᠨᠠᠮᠠᠶᠢ | ᠵᠠᠯᠪᠠᠷᠢᠭᠰᠠᠨ ᠠᠯᠠᠭ᠎ᠠ ᠰᠢᠭ᠋ ᠮᠥᠷᠥᠭᠡᠳᠦᠯ ᠲᠠᠢ ᠪᠠᠶᠢᠭᠲᠤᠨ ᠭᠡᠨᠡᠮ | ᠵᠠᠯᠪᠠᠷᠢᠭᠰᠠᠨ ᠠᠯᠠᠭ᠎ᠠ ᠰᠢᠭ᠋ ᠮᠥᠷᠥᠭᠡᠳᠦᠯ ᠲᠠᠢ ᠪᠣᠯᠤᠭᠰᠠᠨ ᠯᠠ ᠪᠠᠶᠢᠬ᠎ᠠ | ᠠᠶᠢᠯ ᠤᠨ ᠡᠮᠦᠨᠡᠬᠢ ᠬᠥᠲᠥᠯ | ᠡᠷᠲᠡᠨ ᠤ ᠵᠠᠮ ᠢ ᠮᠥᠷᠥᠯᠡᠵᠦ | ᠬᠦᠳᠡᠩᠲᠦᠭᠰᠡᠭᠡᠷ ᠯᠠ ᠪᠠᠶᠢᠬᠤ ᠪᠣᠯᠤᠭᠰᠠᠨ ᠁ | ᠪᠣᠷᠣᠭᠠᠨ ᠤ ᠲᠤᠰᠤᠯ ᠢᠶᠠᠷ ᠪᠦᠲᠦᠭᠰᠡᠨ | ᠪᠤᠭᠤᠷᠤᠯ ᠡᠨᠡᠬᠡᠨ ᠽᠠᠮᠪᠤᠯᠢᠩ | ᠪᠠᠶᠢᠨ ᠪᠠᠶᠢᠨ ᠮᠥᠷᠥᠭᠡᠳᠦᠯ ᠢ ᠮᠢᠨᠢ ᠲᠡᠳᠬᠦᠭᠡᠳ ᠪᠠᠶᠢᠳᠠᠭ ᠨᠢ | ᠮᠤᠩᠬᠠᠭ ᠬᠠᠷᠠᠩᠭᠤᠢ ᠠᠴᠠ ᠭᠡᠶᠢᠭᠡᠭᠴᠢ | ᠮᠠᠨ ᠪ᠊ ᠰᠠᠨᠠᠭ᠎ᠠ ᠪᠠᠷ ᠪᠤᠰᠤ | ᠪᠤᠲᠠᠨ ᠤ ᠨᠠᠮᠠᠭᠠᠨ ᠳᠤ ᠳᠡᠭᠦᠵᠢᠯᠡᠭᠳᠡᠨ | ᠵᠢᠭᠦᠷ ᠢᠶᠠᠨ ᠤᠷᠭᠤᠭᠤᠯᠳᠠᠭ ᠡᠷᠪᠡᠬᠡᠢ | ᠪᠣᠷᠤᠭ ᠡᠪᠡᠰᠦ ᠲᠠᠢ ᠲᠠᠯ᠎ᠠ ᠳᠠᠭᠠᠨ | ᠪᠣᠷᠣᠭᠠᠨ ᠬᠦᠰᠡᠭᠰᠡᠨ ᠤ ᠯᠠ ᠤᠴᠢᠷ ᠶᠤᠮ᠃ | |