| ᠬᠡᠦᠬᠡᠳ ᠪᠠᠭᠠᠴᠤᠳ ᠢ ᠢᠷᠥᠭᠡᠬᠦ ᠨᠢ | ᠠᠪᠤ ᠶᠢᠨ ᠢᠶᠠᠨ ᠨᠠᠰᠤ ᠶᠢ ᠨᠠᠰᠤᠯᠠᠵᠤ | ᠠᠯᠲᠠᠨ ᠱᠠᠩ ᠢ ᠬᠠᠳᠠᠭᠠᠯᠠᠵᠤ ᠶᠠᠪᠤ | ᠡᠵᠢ ᠶᠢᠨ ᠢᠶᠠᠨ ᠨᠠᠰᠤ ᠶᠢ ᠨᠠᠰᠤᠯᠠᠵᠤ | ᠡᠷᠳᠡᠨᠢ ᠶᠢᠨ ᠱᠠᠩ ᠢ ᠬᠠᠳᠠᠭᠠᠯᠠᠵᠤ ᠶᠠᠪᠤ︕ | ᠥᠰᠬᠦ ᠨᠠᠰᠤ | ᠥᠷᠨᠢᠬᠦ ᠦᠢᠯᠡᠰ | ᠰᠤᠷᠬᠤ ᠡᠷᠳᠡᠮ | ᠰᠤᠳᠤᠯᠬᠤ ᠤᠬᠠᠭᠠᠨ | ᠪᠠᠶᠠᠷᠯᠠᠬᠤ ᠡᠷᠳᠡᠮ | ᠪᠠᠭ᠋ᠠᠳᠤᠬᠤ ᠠᠯᠳᠠᠷ ᠴᠢᠨᠢ | ᠨᠠᠷᠠᠨ ᠤ ᠭᠡᠷᠡᠯ | ᠰᠠᠷᠠᠨ ᠤ ᠲᠤᠶᠠᠭ᠎ᠠ ᠰᠢᠭ᠋ | ᠳᠡᠭᠡᠭᠰᠢ ᠳᠡᠭᠡᠭᠰᠢ ᠪᠠᠨ | ᠳᠡᠭᠵᠢᠨ ᠮᠠᠨᠳᠤᠵᠤ ᠶᠠᠪᠤᠭᠠᠷᠠᠢ︕ | ᠲᠥᠷᠥ ᠳᠤ ᠪᠠᠭᠠᠲᠤᠷ ᠤᠨ ᠪᠠᠭᠤᠷᠢ ᠲᠠᠢ | ᠲᠥᠷᠥᠭᠰᠡᠨ ᠳᠤ ᠬᠦᠨᠳᠦᠲᠦ ᠰᠠᠭᠤᠳᠠᠯ ᠲᠠᠢ | ᠠᠪᠤ ᠡᠵᠢ ᠳᠡᠭᠡᠨ ᠠᠴᠢᠯᠠᠯᠲᠠᠢ | ᠠᠬ᠎ᠠ ᠳᠡᠭᠦᠦ ᠳᠡᠭᠡᠨ ᠡᠯᠪᠡᠷᠢᠯᠲᠡᠢ | ᠡᠷᠬᠢᠮ ᠢᠷᠭᠡᠨ ᠪᠣᠯᠤᠭᠠᠷᠠᠢ︕ | ᠨᠤᠮᠤ ᠳᠤ ᠮᠡᠷᠭᠡᠨ | ᠨᠣᠶᠢᠷ ᠲᠤ ᠰᠡᠷᠭᠡᠭ | ᠦᠢᠯᠡ ᠳᠤ ᠤᠷᠠᠨ | ᠦᠭᠡ ᠳᠤ ᠴᠡᠴᠡᠨ | ᠬᠠᠤᠯᠢ ᠳᠤ ᠰᠢᠳᠤᠷᠭᠤ | ᠬᠤᠷᠢᠮ ᠳᠤ ᠴᠣᠪᠣᠭᠤ | ᠲᠡᠶᠢᠨ ᠳᠤ ᠪᠠᠭᠠᠲᠤᠷ | ᠳᠠᠯᠠᠢ ᠳᠤ ᠤᠰᠤᠴᠢ | ᠭᠠᠯ ᠳᠤ ᠬᠠᠯᠠᠳᠠᠭ ᠦᠭᠡᠢ | ᠭᠠᠯᠪᠠ ᠳᠤ ᠰᠢᠨᠲᠠᠷᠠᠳᠠᠭ ᠦᠭᠡᠢ | ᠰᠠᠶᠢᠨ ᠡᠷ᠎ᠡ ᠪᠣᠯᠵᠤ ᠶᠠᠪᠤᠭᠠᠷᠠᠢ︕ | ᠡᠩᠬᠦᠷᠡᠢ ᠬᠦᠦ ᠮᠢᠨᠢ | ᠣᠷᠣᠢ ᠶᠢᠨ ᠰᠡᠪ ᠨᠢ | ᠣᠩᠭᠤᠨ ᠪᠤᠭᠤᠷᠤᠯ ᠪᠣᠯᠲᠠᠯ᠎ᠠ | ᠬᠥᠬᠦᠯ ᠤᠨ ᠰᠡᠪ ᠨᠢ | ᠴᠡᠯ ᠪᠤᠭᠤᠷᠤᠯ ᠪᠣᠯᠲᠠᠯ᠎ᠠ | ᠤᠷᠲᠤ ᠨᠠᠰᠤᠲᠠᠢ | ᠤᠳᠠᠭᠠᠨ ᠵᠢᠷᠭᠠᠯᠲᠠᠢ ᠶᠠᠪᠤᠭᠠᠷᠠᠢ︕ | ᠭᠠᠩ ᠬᠡᠯᠡ ᠲᠠᠢ | ᠭᠠᠯ ᠲᠠᠷᠢᠬᠢ ᠲᠠᠢ | ᠬᠦᠳᠡᠷ ᠪᠡᠶ᠎ᠡ ᠲᠠᠢ | ᠬᠦᠰᠡᠯᠡᠩ ᠶᠡᠬᠡᠲᠡᠢ | ᠳᠡᠯᠡᠬᠡᠢ ᠶᠡᠭᠡ ᠬᠡᠰᠢᠭ ᠲᠠᠢ | ᠳᠡᠭᠡᠳᠦ ᠨᠢ ᠨᠡᠮᠡᠭᠳᠡᠬᠦ ᠪᠤᠶᠠᠨ ᠲᠠᠢ ᠪᠣᠯᠲᠤᠭᠠᠢ︕ | |