ᠠᠯᠲᠠᠨᠪᠠᠶᠠᠷ | | | | ᠬᠤᠶᠢᠲᠤ ᠮᠥᠰᠥᠨ ᠳᠠᠯᠠᠢ ᠳᠤ ᠬᠦᠷᠦᠭᠡᠳ | ᠡᠵᠢ ᠪᠠᠨ ᠰᠠᠨᠠᠬᠤ ᠶᠤᠮ | ᠡᠵᠢ ᠶᠢᠨ ᠮᠢᠨᠢ ᠪᠣᠣᠪᠤ ᠬᠠᠭᠠᠷᠢᠳᠠᠭ | ᠬᠤᠷᠭᠤᠨ ᠲᠣᠰᠣ ᠲᠠᠢ ᠠᠳᠠᠯᠢᠬᠠᠨ ᠶᠤᠮ | ᠡᠨᠡ ᠴᠠᠷᠴᠠᠭᠰᠠᠨ ᠳᠠᠯᠠᠢ | ᠤᠮᠠᠷᠠᠲᠤ ᠮᠥᠰᠥᠨ ᠳᠠᠯᠠᠢ ᠳᠤ ᠬᠦᠷᠦᠭᠡᠳ | ᠡᠮᠡᠭᠡ ᠪᠠᠨ ᠰᠠᠨᠠᠬᠤ ᠶᠤᠮ | ᠡᠮᠡᠭᠡ ᠶᠢᠨ ᠮᠢᠨᠢ ᠠᠪᠳᠠᠷ᠎ᠠ ᠳᠤ ᠪᠠᠶᠢᠳᠠᠭ | ᠮᠥᠰᠥᠨ ᠰᠢᠬᠢᠷ ᠲᠠᠢ ᠢᠵᠢᠯᠢᠬᠡᠨ ᠶᠤᠮ | ᠡᠨᠡ ᠬᠥᠯᠳᠡᠭᠰᠡᠨ ᠳᠠᠯᠠᠢ | ᠬᠤᠶᠢᠲᠤ ᠮᠥᠰᠥᠨ ᠳᠠᠯᠠᠢ ᠠᠴᠠ | ᠬᠤᠶᠢᠰᠢ ᠪᠠᠨ ᠶᠠᠪᠤᠶ᠎ᠠ ᠭᠡᠵᠦ ᠪᠣᠳᠣᠯ᠎ᠠ | ᠮᠥᠷᠥᠭᠡᠳᠦᠯ ᠪᠠᠰᠠ ᠬᠥᠯᠳᠡᠴᠢᠬᠡᠳᠡᠭ ᠶᠤᠮ ᠭᠡᠨ᠎ᠡ | ᠤᠮᠠᠷᠠᠲᠤ ᠮᠥᠰᠥᠨ ᠳᠠᠯᠠᠢ ᠠᠴᠠ | ᠤᠮᠠᠷᠠᠰᠢ ᠶᠠᠪᠤᠶ᠎ᠠ ᠭᠡᠵᠤ ᠪᠣᠳᠣᠯ᠎ᠠ | ᠲᠥᠰᠥᠭᠡᠯᠡᠯ ᠪᠠᠰᠠ ᠴᠠᠷᠴᠠᠴᠢᠬᠠᠳᠠᠭ ᠶᠤᠮ ᠭᠡᠨ᠎ᠡ | ᠪᠢᠷ ᠤᠨ ᠦᠵᠦᠭ ᠰᠢᠭ ᠬᠤᠰᠢᠭᠤ ᠲᠠᠢ ᠰᠢᠪᠠᠭᠤ | ᠮᠥᠰᠥ ᠲᠣᠩᠰᠢᠭᠠᠳ ᠪᠠᠶᠢᠬᠤ ᠨᠢ ᠯᠠ ᠰᠣᠨᠢᠨ ᠶᠤᠮ | ᠡᠨᠡ ᠬᠦᠢᠲᠡᠨ ᠳᠡᠯᠡᠬᠡᠢ ᠳᠤ | 2019ᠣᠨ | |