ᠠᠯᠲᠠᠨᠪᠠᠶᠠᠷ | | | | ᠮᠢᠨᠤ ᠵᠢᠷᠤᠭ ᠤᠨ ᠵᠢᠶᠠᠰᠠᠨ ᠳᠤ | ᠬᠡᠨ ᠤ ᠵᠢᠷᠤᠭ ᠴᠤ ᠦᠭᠡᠢ | ᠬᠤᠯᠬᠢᠳᠠᠭ ᠴᠠᠭ ᠬᠤᠭᠤᠴᠠᠭ᠎ᠠ | ᠬᠤᠨᠤᠭ ᠤᠨ ᠴᠠᠭᠠᠨ ᠰᠠᠯᠬᠢᠨ | ᠬᠤᠯᠠᠳᠴᠤ ᠴᠢᠳᠠᠭ᠎ᠠ ᠦᠭᠡᠢ | ᠬᠡᠨ ᠴᠤ ᠮᠡᠳᠡᠬᠦ ᠦᠭᠡᠢ ᠳᠤᠷᠠᠰᠤᠮᠵᠢ | ᠠᠯᠢ ᠨᠢ ᠴᠤ ᠪᠠᠶᠢᠬᠤ ᠦᠭᠡᠢ ᠶᠤᠮ | ᠮᠢᠨᠤ ᠵᠢᠷᠤᠭ ᠤᠨ ᠵᠢᠶᠠᠰᠠ ᠪᠣᠯ | ᠲᠤᠩᠭᠠᠯᠠᠭ ᠠᠷᠢᠭᠤᠨ ᠣᠷᠣᠰᠢᠭᠰᠠᠨ ᠲᠤᠩ ᠡᠷᠲᠡᠨ ᠤ ᠬᠤᠲᠠ ᠶᠤᠮ | ᠨᠠᠷᠠ ᠦᠭᠡᠢ ᠡᠳᠦᠷ ᠬᠤᠨᠤᠭ ᠤᠳ | ᠥᠪᠡᠷ ᠢ ᠪᠠᠨ ᠬᠠᠶᠢᠭᠰᠠᠨ ᠡᠷᠢᠯ | ᠡᠭᠦᠳᠡ ᠲᠣᠭᠰᠢᠵᠤ ᠭᠦᠶᠦᠭᠰᠡᠨ ᠬᠤᠳᠠᠯ ᠬᠠᠭᠤᠷᠮᠠᠭ | ᠡᠨᠡ ᠲᠡᠷᠡ ᠪᠦᠷ ᠦᠭᠡᠢ | ᠵᠥᠪᠬᠡᠨ ᠨᠠᠳᠠ ᠰᠢᠭ᠋ ᠦᠨᠡᠨ ᠯᠠ ᠣᠷᠣᠰᠢᠳᠠᠭ | ᠪᠠᠰᠠ ᠦᠵᠡᠭᠳᠡᠳᠡᠭ ᠦᠭᠡᠢ | ᠴᠢᠯᠦᠭᠡᠲᠦ ᠣᠷᠣᠨ ᠵᠠᠢ ᠶᠤᠮ | ᠮᠢᠨᠤ ᠰᠢᠷᠡᠭᠡᠨ ᠳᠡᠭᠡᠷᠡᠬᠢ | ᠬᠤᠪ ᠬᠤᠭᠤᠰᠤᠨ ᠵᠢᠷᠤᠭ ᠤᠨ ᠵᠢᠶᠠᠰᠠ ᠪᠣᠯ | ᠮᠢᠨᠤ ᠰᠢᠯᠦᠭ ᠤᠨ ᠳᠡᠪᠲᠡᠷ ᠶᠤᠮ | ᠬᠡᠨ ᠴᠤ ᠰᠡᠬᠦᠵᠦ ᠦᠵᠡᠬᠦ ᠦᠭᠡᠢ | ᠬᠡᠨ ᠴᠤ ᠣᠯᠵᠤ ᠬᠠᠷᠠᠬᠤ ᠦᠭᠡᠢ | ᠪᠤᠷᠬᠠᠨ ᠴᠤ ᠤᠩᠰᠢᠵᠤ ᠴᠢᠳᠠᠬᠤ ᠦᠭᠡᠢ | ᠪᠤᠭ ᠴᠤ ᠪᠤᠵᠠᠷᠯᠠᠵᠤ ᠳᠡᠶᠢᠯᠬᠦ ᠦᠭᠡᠢ | ᠡᠷᠬᠢᠮᠰᠦᠭ ᠭᠠᠭᠴᠠᠭᠠᠷᠳᠠᠯ ᠶᠤᠮ | 2014ᠣᠨ | | |