ᠴᠠᠭᠠᠨ ᠰᠠᠷ᠎ᠠ ᠶᠢᠨ ᠠᠷᠪᠠᠨ ᠲᠠᠪᠤᠨ ᠤ ᠥᠯᠵᠡᠶᠢᠲᠦ ᠡᠳᠦᠷ ᠨᠠᠷᠭᠢᠶᠠᠨ ᠴᠡᠩᠭᠡᠬᠦᠨ ᠨᠠᠭᠠᠳᠤᠮ ᠦᠵᠡᠭᠦᠯᠭᠡ ᠠᠷᠪᠢᠨ ᠶᠠᠪᠤᠭᠳᠠᠨ᠎ᠠ
ᠨᠡᠶᠢᠲᠡᠯᠡᠭᠰᠡᠨ ᠴᠠᠭ᠄
2024/12/31
         ᠬᠠᠨ ᠶᠡᠭᠡ ᠠᠯᠠᠱᠠ ᠳᠤ ᠬᠠᠪᠤᠷ ᠤᠨ ᠤᠷᠢᠨ ᠰᠠᠭᠠᠲᠠᠵᠤ᠂ᠬᠠᠨᠠᠭᠠᠷ ︽ᠪᠠᠶᠠᠨ ᠬᠤᠳᠠ︾ ᠎ ᠳᠤ ᠰᠢᠨ᠎ᠡ ᠶᠢᠨ ᠠᠮᠢᠰᠬᠤᠯ ᠪᠢᠯᠬᠠᠮ᠎ᠠ ᠪᠠᠶᠢᠨ᠎ᠠ᠃          ᠬᠥᠬᠡᠭᠴᠢᠨ ᠮᠣᠭᠠᠢ ᠵᠢᠯ ᠤᠨ ᠭᠦᠷ ᠨᠠᠷᠭᠢᠶᠠᠨ ᠢ ᠬᠤᠪᠢᠶᠠᠯᠴᠠᠰᠦ ᠬᠡᠮᠡᠨ ᠴᠠᠭᠠᠨ ᠰᠠᠷ᠎ᠠ ᠶᠢᠨ ᠠᠷᠪᠠᠨ ᠲᠠᠪᠤᠨ ᠤ ᠥᠯᠵᠡᠶᠢᠲᠦ ᠡᠳᠦᠷ ︵ᠠᠷᠭ᠎ᠠ ᠶᠢᠨ ᠤᠯᠠᠷᠢᠯ ᠤᠨ 2 ᠰᠠᠷ᠎ᠠ ᠶᠢᠨ 12᠎ ᠤᠨ ᠡᠳᠦᠷ)᠎ ᠲᠤ ᠵᠣᠷᠢᠭᠤᠯᠤᠨ ᠠᠯᠠᠱᠠ ᠵᠡᠭᠦᠨ ᠬᠤᠰᠢᠭᠤᠨ ᠠᠴᠠ 9 ᠲᠦᠷᠦᠯ ᠤᠨ ᠨᠠᠷᠭᠢᠶᠠᠨ ᠴᠡᠩᠭᠡᠬᠦᠨ᠂ ᠨᠠᠭᠠᠳᠤᠮ ᠦᠵᠡᠭᠦᠯᠭᠡ ᠶᠢ ᠪᠡᠯᠡᠳᠬᠡᠯ᠎ᠡ᠃          ᠳᠣᠣᠷᠠᠬᠢ ᠮᠡᠲᠦ᠄            ᠨᠢᠭᠡ᠂ ︽ᠮᠣᠭᠠᠢ ᠵᠢᠯ ᠤᠨ ᠡᠭᠢᠯᠡᠯᠲᠡ  ·  ᠮᠡᠨᠳᠦ ᠠᠮᠤᠷ ᠤᠨ ᠵᠣᠯᠭᠠᠯᠲᠠ︾ ᠲᠤᠰᠬᠤᠨ ᠤ ᠨᠠᠭᠠᠳᠤᠮ           ︵ᠨᠢᠭᠡ︶ ᠲᠤᠰᠬᠤᠨ ᠤ ᠨᠠᠭᠠᠳᠤᠮ ᠤᠨ ᠲᠣᠭᠤᠷᠢᠨ ᠠᠶᠠᠯᠠᠯ          ᠴᠡᠴᠡᠭᠲᠦ ᠲᠡᠷᠭᠡ᠂ ᠶᠠᠩᠭᠠᠷ ᠪᠥᠵᠢᠭ ᠵᠡᠷᠭᠡ 11 ᠲᠦᠷᠦᠯ ᠤᠨ ᠤᠯᠠᠮᠵᠢᠯᠠᠯᠲᠤ ᠲᠤᠬᠯᠠᠯᠲᠠ ᠶᠢᠨ ᠲᠣᠭᠤᠷᠢᠨ ᠦᠵᠡᠭᠦᠯᠭᠡ ᠬᠢᠨ᠎ᠡ᠃          ᠴᠠᠭ᠄ 9:20-10:00          ᠵᠠᠮ ᠱᠤᠭᠤᠮ᠄ ᠬᠤᠯᠠᠳᠠᠭᠢᠨ ᠢ ᠲᠣᠭᠲᠠᠭᠠᠭᠴᠢ ᠬᠤᠷᠢᠶ᠎ᠠ ᠶᠢᠨ ᠪᠠᠷᠠᠭᠤᠨ ᠡᠭᠦᠳᠡ ᠶᠢᠨ ᠡᠮᠦᠨ᠎ᠡ ᠶᠡᠭᠡ ᠵᠡᠭᠡᠯᠢ - ᠪᠡᠶ᠎ᠡ ᠶᠢᠨ ᠲᠠᠮᠢᠷ ᠤᠨ ᠠᠭᠤᠳᠠᠮ ᠲᠠᠯᠠᠪᠠᠢ           ︵ᠬᠤᠶᠠᠷ︶ ᠲᠤᠰᠬᠤᠨ ᠤ ᠨᠠᠭᠠᠳᠤᠮ ᠤᠨ ᠦᠵᠡᠭᠦᠯᠭᠡ          ᠶᠠᠩᠭᠠᠷ᠂ ᠰᠠᠪᠠᠷᠳᠠᠩ ᠵᠡᠷᠭᠡ ᠤᠯᠠᠮᠵᠢᠯᠠᠯᠲᠤ ᠤᠷᠠᠨ ᠰᠠᠶᠢᠬᠠᠨ ᠤ ᠲᠤᠬᠯᠠᠯᠲᠠ ᠭᠠᠷᠭᠠᠨ᠎ᠠ᠃          ᠲᠤᠬᠯᠠᠯᠲᠠ ᠶᠢᠨ ᠴᠠᠭ ᠭᠠᠵᠠᠷ᠄10᠄ 00 -11᠄ 30 ᠪᠡᠶ᠎ᠡ ᠶᠢᠨ ᠲᠠᠮᠢᠷ ᠤᠨ ᠠᠭᠤᠳᠠᠮ ᠲᠠᠯᠠᠪᠠᠢ          ᠲᠤᠬᠯᠠᠯᠲᠠ ᠶᠢᠨ ᠴᠠᠭ ᠭᠠᠵᠠᠷ᠄10᠄ 40 - 11᠄ 40 ᠰᠢᠨ᠎ᠡ ᠡᠷᠢᠨ ᠠᠭᠤᠳᠠᠮ ᠲᠠᠯᠠᠪᠠᠢ          ᠬᠤᠶᠠᠷ᠂ ︽ᠠᠯᠠᠱᠠ ᠬᠤᠷᠢᠮ︾ ᠎ ᠤᠨ ᠤᠷᠠᠨ ᠰᠠᠶᠢᠬᠠᠨ ᠤ ᠲᠤᠬᠯᠠᠯᠳᠠ          ᠤᠷᠠᠯᠢᠭ ᠤᠨ ᠲᠣᠬᠯᠠᠯᠲᠠ ᠶᠢᠨ ᠭᠡᠯᠪᠡᠷᠢ ᠪᠠᠷ ᠠᠯᠠᠱᠠ ᠶᠢᠨ ᠶᠢᠰᠦᠳᠦᠭᠡᠷ ᠦᠶ᠎ᠡ ᠶᠢᠨ ᠸᠠᠩ ᠳ᠋ᠠᠨᠢᠽᠠᠨ᠎ᠠ ᠬᠠᠲᠤᠨ ᠶᠢᠨ ᠶᠦᠨ ᠴᠧᠩ ᠬᠤᠶᠠᠷ ᠤᠨ ᠬᠤᠷᠢᠮ ᠤᠨ ᠦᠪᠡᠳᠡᠭᠰᠢ ᠪᠠᠶᠢᠳᠠᠯ ᠢ ᠢᠯᠡᠷᠡᠭᠦᠯᠵᠦ᠂ ᠠᠯᠠᠱᠠ ᠶᠢᠨ ᠦᠨᠳᠦᠰᠦᠲᠡᠨ ᠨᠦᠭᠦᠳ ᠤᠨ ᠶᠠᠪᠤᠯᠴᠠᠭ᠎ᠠ ᠰᠣᠯᠢᠯᠴᠠᠭ᠎ᠠ ᠰᠣᠶᠣᠯ ᠤᠨ ᠠᠭᠤᠰᠤᠯᠴᠠᠯ ᠢ ᠬᠠᠷᠠᠭᠤᠯᠤᠨ᠎ᠠ᠃          ᠶᠣᠰᠣᠯᠠᠯ ᠤᠨ ᠵᠢᠭᠰᠠᠭᠠᠯ᠄ 14᠄ 00 - 15᠄ 00          ᠬᠤᠷᠢᠮ ᠤᠨ ᠦᠵᠡᠭᠦᠯᠭᠡ᠄15᠄ 00 - 16᠄ 00          ᠰᠡᠭᠦᠳᠡᠷ ᠲᠠᠲᠠᠬᠤ ᠴᠠᠭ᠄16᠄ 00 - 17᠄ 00          ᠲᠤᠬᠯᠠᠯᠳᠠ ᠶᠢᠨ ᠭᠠᠵᠠᠷ᠄ ᠬᠤᠯᠠᠳᠠᠭᠢᠨ ᠢ ᠲᠣᠭᠲᠠᠭᠠᠭᠴᠢ ᠬᠤᠷᠢᠶ᠎ᠠ ᠶᠢᠨ ᠵᠡᠭᠦᠨ ᠡᠭᠦᠳᠡ ᠠᠴᠠ ᠮᠣᠷᠳᠠᠵᠤ᠂ ᠸᠠᠩ ᠤᠨ ᠣᠷᠳᠣᠨ ᠵᠡᠭᠡᠯᠢ ᠪᠠᠷ ᠥᠩᠭᠡᠷᠡᠨ᠂ ᠬᠤᠯᠠᠳᠠᠭᠢᠨ ᠢ ᠲᠣᠭᠲᠠᠭᠠᠭᠴᠢ ᠬᠤᠷᠢᠶ᠎ᠠ ᠶᠢᠨ ᠪᠠᠷᠠᠭᠤᠨ ᠡᠭᠦᠳᠡ ᠪᠠᠷ ᠣᠷᠣᠵᠤ ᠴᠠᠭᠠᠨ ᠰᠤᠪᠤᠷᠭ᠎ᠠ ᠲᠠᠯᠠᠪᠠᠢ ᠳᠤ ᠭᠦᠷᠦᠨ᠎ᠡ᠃          ᠭᠤᠷᠪᠠ᠂ ︽ᠪᠤᠶᠠᠨ ᠠᠷᠪᠢᠳᠴᠤ ᠬᠡᠰᠢᠭ ᠵᠤᠵᠠᠭᠠᠷᠠᠬᠤ︾ ᠰᠦᠮ᠎ᠡ ᠶᠢᠨ ᠴᠤᠭᠯᠠᠭᠠᠨ          ᠪᠣᠳᠠᠰ ᠤᠨ ᠪᠤᠰᠤ ᠰᠣᠶᠣᠯ ᠤᠨ ᠥᠪ ᠤᠨ ᠦᠵᠡᠭᠦᠯᠭᠡ ᠭᠠᠷᠭᠠᠨ᠎ᠠ᠃          ᠴᠠᠭ᠄ 14᠄ 30 - 20᠄ 30          ᠭᠠᠵᠠᠷ᠄  ᠶᠠᠮᠤᠨ ᠬᠡᠶᠢᠳ ︵ᠪᠤᠶᠠᠨ ᠢ ᠠᠷᠪᠢᠳᠬᠠᠭᠴᠢ ᠰᠦᠮ᠎ᠡ︶          ᠳᠥᠷᠪᠡ᠂ ︽ᠠᠶᠠᠯᠭᠤᠲᠤ ᠵᠢᠭᠤᠯᠴᠢᠯᠠᠯ ᠥᠪᠥᠷ ᠮᠣᠩᠭᠤᠯ᠂ ᠠᠯᠠᠱᠠ ᠵᠡᠭᠦᠨ ᠬᠤᠰᠢᠭᠤ ᠪᠠᠨ ᠮᠠᠭᠲᠠᠨ ᠳᠠᠭᠤᠯᠠᠶ᠎ᠠ︾ ᠠᠩᠬᠠᠳᠤᠭᠠᠷ ᠬᠤᠭᠤᠴᠠᠭᠠᠨ ᠤ ᠭᠠᠴᠠᠭ᠎ᠠ ᠲᠣᠰᠬᠤᠨ ᠤ ᠳᠠᠭᠤᠤ ᠶᠢᠨ ᠰᠢᠢᠳᠪᠦᠷᠢᠲᠦ ᠤᠷᠤᠯᠳᠤᠭᠠᠨ          ᠠᠯᠠᠱᠠ ᠵᠡᠭᠦᠨ ᠬᠤᠰᠢᠭᠤᠨ ᠤ ᠡᠯ᠎ᠡ ᠰᠤᠮᠤ ᠪᠠᠯᠭᠠᠰᠤᠨ ᠤ 20 ᠮᠠᠯᠴᠢᠨ ᠲᠠᠷᠢᠶᠠᠴᠢᠨ ᠤ ᠰᠢᠢᠳᠪᠦᠷᠢᠲᠦ ᠤᠷᠤᠯᠳᠣᠭᠠᠨ ᠢ ᠰᠣᠨᠢᠷᠬᠠᠭᠤᠯᠤᠨ᠎ᠠ᠃          ᠴᠠᠭ᠄ 16᠄ 00 - 18᠄ 00          ᠭᠠᠵᠠᠷ᠄ ᠬᠤᠯᠠᠳᠠᠭᠢᠨ ᠢ ᠲᠣᠭᠲᠠᠭᠠᠭᠴᠢ ᠬᠤᠷᠢᠶ᠎ᠠ ᠳᠣᠲᠣᠷᠠᠬᠢ ᠥᠯᠵᠡᠶᠢᠲᠦ ᠲᠠᠶᠢᠰᠠ          ᠲᠠᠪᠤ᠂ ︽ᠠᠶᠠᠯᠭᠤᠲᠤ ᠵᠢᠭᠤᠯᠴᠢᠯᠠᠯ ᠥᠪᠥᠷ ᠮᠣᠩᠭᠤᠯ᠂ ᠠᠷᠪᠠᠨ ᠲᠠᠪᠤᠨ ᠤ ᠥᠯᠵᠡᠶᠢᠲᠦ ᠡᠳᠦᠷ ᠢᠶᠠᠨ ᠮᠠᠭᠲᠠᠨ ᠳᠠᠭᠤᠯᠠᠶ᠎ᠠ︾ ᠲᠦᠳᠡᠭ ᠭᠠᠯ ᠤᠨ ᠦᠳᠡᠰᠢᠯᠡᠭᠡ          ᠤᠯᠠᠭᠠᠨᠮᠥ᠋ᠴᠢᠷ ᠤᠨ ᠲᠤᠰᠬᠠᠢ ᠤᠷᠠᠨ ᠰᠠᠶᠢᠬᠠᠨ ᠤ ᠲᠣᠬᠯᠠᠯᠲᠠ ᠭᠠᠷᠭᠠᠵᠤ ᠲᠦᠳᠡᠭ ᠭᠠᠯ ᠤᠨ ᠦᠳᠡᠰᠢᠯᠡᠭᠡ ᠶᠢᠨ ᠬᠠᠪᠤ ᠴᠡᠩᠭᠡᠯ ᠢ ᠡᠳ᠋ᠯᠡᠭᠦᠯᠦᠨ᠎ᠡ᠃          ᠴᠠᠭ᠄ 19᠄ 00 - 20᠄ 30          ᠭᠠᠵᠠᠷ᠄ ᠪᠠᠶᠠᠨᠬᠤᠲᠠ ᠶᠢᠨ ᠪᠡᠶ᠎ᠡ ᠶᠢᠨ ᠲᠠᠮᠢᠷ ᠤᠨ ᠠᠭᠤᠳᠠᠮ ᠲᠠᠯᠠᠪᠠᠶ          ᠵᠢᠷᠭᠤᠭ᠎ᠠ᠂ ︽ᠣᠨᠢᠰᠤᠭ᠎ᠠ ᠲᠠᠭᠠᠵᠤ ᠥᠯᠵᠡᠶᠢᠲᠦ ᠡᠳᠦᠷ ᠢᠶᠠᠨ ᠪᠡᠯᠭᠡᠯᠡᠶ᠎ᠡ︾ ᠴᠡᠴᠡᠭᠲᠦ ᠳ᠋ᠧᠩᠯᠦ ᠶᠢᠨ ᠣᠨᠢᠰᠤᠭ᠎ᠠ ᠲᠠᠭᠠᠬᠤ ᠬᠥᠳᠡᠯᠭᠡᠭᠡᠨ          ᠮᠣᠩᠭᠤᠯ ᠬᠢᠲᠠᠳ 2000 ᠭᠠᠷᠤᠢ ᠣᠨᠢᠰᠤᠭ᠎ᠠ ᠲᠠᠢ᠃          ᠴᠠᠭ᠄ 10᠄ 30 - 12᠄ 00 19᠄ 00 - 20᠄ 30          ᠭᠠᠵᠠᠷ᠄ ᠪᠠᠶᠠᠨᠬᠤᠲᠠ ᠶᠢᠨ ᠪᠡᠶ᠎ᠡ ᠶᠢᠨ ᠲᠠᠮᠢᠷ ᠤᠨ ᠠᠭᠤᠳᠠᠮ ᠲᠠᠯᠠᠪᠠᠶ          ᠳᠣᠯᠤᠭ᠎ᠠ᠂ ︽ᠴᠡᠴᠡᠭᠲᠦ ᠳ᠋ᠧᠩᠯᠦ ᠠᠰᠠᠭᠠᠵᠤ᠂ ᠲᠡᠮᠡᠭᠡᠲᠦ ᠬᠤᠲᠠ ᠶᠢ ᠭᠡᠷᠡᠯᠲᠦᠭᠦᠯᠦᠶ᠎ᠡ︾ ᠥᠯᠵᠡᠶᠢᠲᠦ ᠡᠳᠦᠷ ᠤᠨ ᠴᠡᠴᠡᠭᠲᠦ ᠳ᠋ᠧᠩᠯᠦ ᠶᠢᠨ ᠴᠤᠭᠯᠠᠭᠠᠨ          ᠬᠤᠸᠠᠷᠠᠨ ᠤ ᠰᠢᠯᠢ᠂ ᠠᠮᠢ ᠠᠬᠤᠢ ᠶᠢᠨ ᠴᠡᠴᠡᠷᠯᠢᠭ᠂ ᠠᠶᠢᠮᠠᠭ ᠤᠨ ᠵᠠᠰᠠᠭ ᠵᠠᠬᠢᠷᠭᠠᠨ ᠤ ᠲᠥᠪ ᠤᠨ ᠠᠭᠤᠳᠠᠮ ᠲᠠᠯᠠᠪᠠᠶ᠂ ᠸᠠᠩ ᠤᠨ ᠣᠷᠳᠣᠨ ᠤ ᠴᠡᠴᠡᠷᠯᠢᠭ ᠵᠡᠷᠭᠡ ᠶᠢᠰᠦᠨ ᠭᠤᠣᠯ ᠦᠵᠡᠮᠵᠢ ᠶᠢᠨ ᠣᠷᠣᠨ ᠪᠠ ᠪᠠᠶᠠᠨᠬᠤᠲᠠ ᠠᠴᠠ ᠭᠠᠷᠬᠤ ᠵᠠᠮ ᠤᠨ ᠠᠭᠤᠯᠵᠠᠷ ᠣᠷᠣᠨ ᠳᠤ ᠴᠡᠴᠡᠭᠲᠦ ᠳ᠋ᠧᠩ ᠲᠠᠯᠪᠢᠵᠤ᠂ ᠪᠠᠶᠠᠷ ᠪᠠᠶᠠᠰᠬᠤᠯᠠᠩ ᠲᠠᠢ ᠡᠶ᠎ᠡ ᠨᠠᠶᠢᠷᠠᠮᠳᠠᠭᠤ ᠪᠠᠶᠠᠷ ᠤᠨ ᠡᠳᠦᠷ ᠤᠨ ᠠᠭᠤᠷ ᠠᠮᠢᠰᠬᠤᠯ ᠢ ᠪᠤᠶ ᠪᠣᠯᠭᠠᠨ᠎ᠠ᠃          ᠨᠠᠢᠮᠠ᠂ ︽ᠮᠣᠭᠠᠢ ᠬᠥᠯᠭᠡᠯᠡᠨ ᠮᠠᠨᠳᠤᠯ ᠬᠥᠭᠵᠢᠯ ᠢ ᠤᠭᠲᠤᠶ᠎ᠠ︾ ᠵᠢᠯᠣᠭᠤᠴᠢ ᠦᠭᠡᠢ ᠨᠢᠰᠬᠡᠯ ᠤᠨ ᠲᠣᠬᠯᠠᠯᠲᠠ          1500 ᠵᠢᠯᠣᠭᠤᠴᠢ ᠦᠭᠡᠢ ᠨᠢᠰᠬᠡᠯ ᠤᠨ ᠲᠤᠬᠯᠠᠯᠲᠠ ᠪᠠᠷ ᠥᠷᠭᠡᠨ ᠣᠯᠠᠨ ᠰᠠᠭᠤᠭᠠᠯᠢ ᠠᠷᠠᠳ ᠲᠤ ᠴᠠᠭᠠᠨ ᠰᠠᠷ᠎ᠠ ᠶᠢᠨ ᠪᠡᠯᠡᠭ ᠪᠠᠷᠢᠨ᠎ᠠ᠃          ᠴᠠᠭ᠄ 2 ᠰᠠᠷ᠎ᠠ ᠶᠢᠨ 12᠎ ᠤᠨ ᠡᠳᠦᠷ ᠤᠨ 21᠄ 00 - 21᠄ 12          ᠭᠠᠵᠠᠷ᠄ ᠪᠠᠶᠠᠨᠬᠤᠲᠠ ᠶᠢᠨ ᠠᠮᠢ ᠠᠬᠤᠢ ᠶᠢᠨ ᠴᠡᠴᠡᠷᠯᠢᠭ᠃          ᠶᠢᠰᠦ᠂ ︽ᠪᠠᠶᠠᠨᠬᠤᠲᠠ ᠶᠢᠨ ᠦᠳᠡᠰᠢ︾ ᠲᠣᠮᠣ ᠭᠡᠯᠪᠡᠷᠢ ᠶᠢᠨ ᠬᠤᠸᠠᠷ ᠫᠤᠤᠵᠢᠩ ᠤᠨ ᠦᠵᠡᠭᠦᠯᠭᠡ          ᠪᠦᠭᠦ ᠤᠯᠤᠰ ᠤᠨ ᠲᠡᠷᠢᠭᠦᠨ ᠤ ᠪᠦᠯᠭᠦᠮ ᠢ ᠤᠷᠢᠵᠤ᠂ ᠲᠣᠮᠣ ᠭᠡᠯᠪᠡᠷᠢ ᠶᠢᠨ ᠬᠤᠸᠠᠷ ᠫᠤᠤᠵᠢᠩ ᠤᠨ ᠦᠵᠡᠭᠦᠯᠭᠡ ᠭᠠᠷᠭᠠᠬᠤ ᠪᠠᠷ ᠳᠠᠮᠵᠢᠭᠤᠯᠤᠨ ᠪᠠᠶᠠᠷ ᠤᠨ ᠡᠳᠦᠷ ᠤᠨ ᠠᠭᠤᠷ ᠠᠮᠢᠰᠬᠤᠯ ᠢ ᠨᠡᠮᠡᠭᠳᠡᠭᠦᠯᠦᠨ᠎ᠡ᠃          ᠴᠠᠭ᠄ 21᠄ 12 - 21᠄ 27          ᠭᠠᠵᠠᠷ᠄ ᠪᠠᠶᠠᠨᠬᠤᠲᠠ ᠶᠢᠨ ᠠᠮᠢ ᠠᠬᠤᠢ ᠶᠢᠨ ᠴᠡᠴᠡᠷᠯᠢᠭ
 
ᠢᠷᠡᠯᠲᠡ᠄ ᠠᠯᠠᠱᠠ ᠶᠢᠨ ᠡᠳᠦᠷ ᠤᠨ ᠰᠣᠨᠢᠨ 
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号