ᠠᠯᠲᠠᠨᠪᠠᠶᠠᠷ | | ᠠᠭᠤᠯᠠ ᠤᠷᠭᠤᠭᠰᠠᠭᠠᠷ ᠪᠠᠶᠢᠵᠤ | ᠰᠦᠮᠪᠦᠷ ᠣᠷᠭᠢᠯ ᠪᠣᠯᠬᠤ ᠨᠢ ᠬᠡᠯᠪᠡᠷᠢ ᠶᠤᠮ | ᠬᠡᠯᠪᠡᠷᠢ ᠭᠡᠳᠡᠭ ᠪᠠᠷᠳᠠᠮ ᠣᠷᠭᠢᠯ ᠢ | ᠪᠦᠲᠦᠭᠡᠵᠦ ᠪᠣᠢ ᠴᠢᠯᠠᠭᠤᠨ ᠤ ᠮᠥᠨ ᠴᠢᠨᠠᠷ ᠪᠣᠯ | ᠡᠴᠢᠭᠡ ᠯᠠ ᠶᠤᠮ | ᠤᠰᠤ ᠤᠷᠤᠰᠤᠭᠰᠠᠭᠠᠷ ᠪᠠᠶᠢᠵᠤ | ᠤᠰᠤᠨ ᠳᠡᠭᠡᠭᠦᠷ ᠤᠷᠤᠰᠬᠤ ᠨᠢ ᠵᠥᠷᠢᠴᠡᠯ ᠶᠤᠮ | ᠵᠥᠷᠢᠴᠡᠯ ᠭᠡᠳᠡᠭ ᠵᠥᠷᠢᠭᠦᠳ ᠭᠦᠦᠷ ᠢ | ᠲᠤᠯᠵᠤ ᠪᠣᠢ ᠡᠪ ᠤᠨ ᠬᠤᠶᠠᠷ ᠪᠠᠭᠠᠨ᠎ᠠ ᠪᠣᠯ | ᠡᠴᠢᠭᠡ ᠯᠠ ᠶᠤᠮ | ᠰᠠᠯᠬᠢ ᠨᠠᠮᠢᠷᠠᠭᠰᠠᠭᠠᠷ ᠪᠠᠶᠢᠵᠤ | ᠪᠣᠷᠤᠭ᠎ᠠ ᠣᠷᠣᠬᠤ ᠨᠢ ᠬᠤᠪᠢᠰᠤᠩᠭᠤᠢ ᠶᠤᠮ | ᠬᠤᠪᠢᠰᠤᠩᠭᠤᠢ ᠭᠡᠳᠡᠭ ᠬᠤᠳᠠᠯᠴᠢ ᠤᠯᠠᠷᠢᠯ ᠢ | ᠲᠠᠲᠠᠯᠠᠵᠤ ᠪᠣᠢ ᠶᠢᠷᠲᠢᠨᠴᠦ ᠶᠢᠨ ᠤᠭ ᠤᠳᠬ᠎ᠠ ᠪᠣᠯ | ᠡᠴᠢᠭᠡ ᠯᠠ ᠶᠤᠮ | ᠡᠪᠡᠰᠦ ᠬᠠᠯᠢᠭᠤᠷᠠᠭᠰᠠᠭᠠᠷ ᠪᠠᠶᠢᠲᠠᠯ᠎ᠠ | ᠰᠥᠯ ᠲᠠᠯᠪᠢᠬᠤ ᠨᠢ ᠵᠣᠭᠰᠣᠩᠭᠤᠢ ᠶᠤᠮ | ᠵᠣᠭᠰᠣᠩᠭᠤᠢ ᠭᠡᠳᠡᠭ ᠨᠠᠷᠢᠨ ᠵᠢᠮ ᠢᠶᠠᠷ | ᠵᠣᠷᠴᠢᠵᠤ ᠪᠣᠢ ᠡᠷᠲᠡᠨ ᠤ ᠭᠦᠨ ᠤᠬᠠᠭᠠᠨ ᠪᠣᠯ | ᠡᠴᠢᠭᠡ ᠯᠠ ᠶᠤᠮ | ᠬᠥᠮᠥᠨ ᠥᠰᠦᠭᠰᠡᠭᠡᠷ ᠪᠠᠶᠢᠵᠤ | ᠡᠭᠦᠯᠡᠨ ᠳᠤ ᠬᠦᠷᠬᠦ ᠨᠢ ᠬᠤᠭᠤᠰᠤᠨ ᠶᠤᠮ | ᠬᠤᠭᠤᠰᠤᠨ ᠭᠡᠳᠡᠭ ᠬᠤᠷᠸ᠎ᠠ ᠶᠢᠨ ᠲᠣᠭᠤᠰᠣᠨ ᠳᠤ | ᠭᠠᠭᠴᠠᠬᠠᠨ ᠨᠠᠮ᠎ᠠ ᠶᠢ ᠪᠣᠳᠠᠲᠤ ᠪᠣᠯᠭᠠᠨ ᠠᠮᠢᠯᠠᠭᠤᠯᠤᠭᠰᠠᠨ ᠨᠢ | ᠡᠴᠢᠭᠡ ᠯᠠ ᠶᠤᠮ | ᠰᠡᠳᠬᠢᠯᠴᠢ ᠢᠷᠡᠭᠡᠳᠦᠢ ᠶᠢᠨ ᠭᠡᠭᠡᠨ ᠲᠥᠭᠡᠷᠭᠡ | ᠠᠪᠤ ᠳᠤ ᠪᠠᠨ ᠪᠢ ᠬᠠᠶᠢᠷᠠᠲᠠᠢ | 2020 ᠣᠨ | | |