| ᠵᠧ ᠁ | ᠳᠥᠴᠢᠨ ᠳᠥᠷᠪᠡᠨ ᠬᠠᠨ᠎ᠠ ᠲᠠᠢ᠂ | ᠳᠥᠷᠪᠡᠨ ᠮᠢᠩᠭᠠᠨ ᠤᠨᠢ ᠲᠠᠢ᠂ | ᠳᠦᠩᠭᠡᠷ ᠴᠠᠭᠠᠨ ᠥᠷᠥᠭᠡ ᠮᠢᠨᠢ᠂ | ᠲᠦᠮᠡᠨ ᠤ ᠭᠠᠵᠠᠷ ᠠᠴᠠ ᠬᠠᠷᠠᠭᠳᠠᠨ᠎ᠠ ᠬᠦ ᠁ | ᠠᠷᠠᠨᠵᠠᠯ ᠵᠡᠭᠡᠷᠳᠡ ᠶᠢᠨ ᠬᠤᠷᠳᠤᠨ ᠳᠤᠷ᠂ | ᠠᠳᠬᠤᠭᠰᠠᠨ ᠵᠡᠪᠰᠡᠭ ᠤᠨ ᠬᠦᠴᠦᠨ ᠳ᠋ᠦᠷ᠂ | ᠠᠷᠪᠠᠨ ᠵᠢᠷᠭᠤᠭ᠎ᠠ ᠲᠠᠢ ᠰᠠᠷᠲᠠᠭᠤᠯ ᠬᠠᠲᠤᠨ ᠢ᠂ | ᠠᠮᠤᠷ ᠢ ᠨᠢ ᠡᠷᠢᠨ ᠲᠠᠭᠠᠯᠠᠨ᠎ᠠ ᠬᠦ᠋ ᠁ | ᠵᠧ ᠁ | ᠢᠨᠳᠡᠷ ᠮᠥᠩᠭᠦᠨ ᠬᠤᠭᠤᠷ ᠢ ᠨᠢ᠂ | ᠶᠡᠷᠡᠨ ᠨᠢᠭᠡᠨ ᠠᠶᠠᠰ ᠶᠢᠶᠠᠷ ᠴᠢᠪᠬᠠᠳᠠᠨ᠎ᠠ᠂ | ᠢᠷᠠᠭᠤ ᠴᠠᠭᠠᠨ ᠥᠷᠥᠭᠡ ᠮᠢᠨᠢ᠂ | ᠵᠠᠭᠤᠨ ᠤ ᠭᠠᠵᠠᠷ ᠠᠴᠠ ᠬᠠᠷᠠᠭᠳᠠᠨ᠎ᠠ ᠬᠦ᠋ ᠁ | ᠳᠣᠯᠣᠭᠠᠨ ᠴᠠᠭᠠᠨ ᠥᠷᠭᠦᠭᠡ ᠮᠢᠨᠢ᠂ | ᠵᠠᠭᠤᠨ ᠤ ᠭᠠᠵᠠᠷ ᠠᠴᠠ ᠬᠠᠷᠠᠭᠳᠠᠨ᠎ᠠ᠂ | ᠳᠣᠭᠰᠢᠨ ᠪᠣᠭᠳᠠ ᠵᠠᠩᠭᠠᠷ ᠤᠨ᠂ | ᠳᠣᠲᠣᠷ᠎ᠠ ᠲᠠᠯ᠎ᠠ ᠪᠠᠷ ᠰᠠᠨᠠᠭᠳᠠᠨ᠎ᠠ ᠬᠦ᠋ ᠁ | ᠵᠧ ᠁ | ᠳᠠᠵᠢ ᠲᠣᠷᠭᠠᠨ ᠬᠥᠰᠢᠭᠡᠨ ᠤ᠂ | ᠳᠣᠲᠣᠷ᠎ᠠ ᠲᠠᠯ᠎ᠠ ᠪᠠᠷ ᠲᠠᠲᠠᠨ᠎ᠠ᠂ | ᠲᠠᠩᠰᠤᠭ ᠪᠣᠭᠳᠠ ᠵᠠᠩᠭᠠᠷ ᠤᠨ᠂ | ᠲᠠᠪᠠ ᠪᠠᠷ ᠰᠠᠭᠤᠭᠠᠳ ᠨᠠᠷᠭᠢᠯᠳᠤᠨᠠ ᠬᠦ᠋ ᠁ | ᠬᠠᠷᠭᠠᠢ ᠽᠠᠨᠳᠠᠨ ᠰᠢᠷᠡᠭᠡᠨ ᠳᠤ ᠪᠠᠨ᠂ | ᠬᠠᠮᠤᠭ ᠨᠣᠮ ᠶᠢᠶᠠᠨ ᠤᠩᠰᠢᠨ᠎ᠠ᠂ | ᠬᠠᠷᠴᠠᠭᠠᠢ ᠵᠢᠭᠦᠷ ᠤᠨ ᠰᠠᠬᠠᠯ ᠢ᠂ | ᠬᠠᠴᠠᠷ ᠲᠠᠯ᠎ᠠ ᠪᠠᠷ ᠰᠢᠪᠲᠤᠷᠠᠨ᠎ᠠ ᠬᠦ᠋ ᠁ | ᠵᠧ ᠁ | ᠳᠥᠴᠢᠨ ᠳᠥᠷᠪᠡᠨ ᠬᠠᠨ᠎ᠠ ᠲᠠᠢ᠂ | ᠳᠥᠷᠪᠡᠨ ᠮᠢᠩᠭᠠᠨ ᠤᠨᠢ ᠲᠠᠢ᠂ | ᠳᠦᠩᠭᠡᠷ ᠴᠠᠭᠠᠨ ᠥᠷᠥᠭᠡ ᠮᠢᠨᠢ᠂ | ᠲᠦᠮᠡᠨ ᠤ ᠭᠠᠵᠠᠷ ᠠᠴᠠ ᠬᠠᠷᠠᠭᠳᠠᠨ᠎ᠠ ᠬᠦ᠋ ᠁ | ᠬᠠᠷᠭᠠᠢ ᠽᠠᠨᠳᠠᠨ ᠰᠢᠷᠡᠭᠡᠨ ᠳᠤ ᠪᠠᠨ᠂ | ᠬᠠᠮᠤᠭ ᠨᠣᠮ ᠶᠢᠶᠠᠨ ᠤᠩᠰᠢᠨ᠎ᠠ᠂ | ᠬᠠᠷᠴᠠᠭᠠᠢ ᠵᠢᠭᠦᠷ ᠤᠨ ᠰᠠᠬᠠᠯ ᠢ᠂ | ᠬᠠᠴᠠᠷ ᠲᠠᠯ᠎ᠠ ᠪᠠᠷ ᠰᠢᠪᠲᠤᠷᠠᠨ᠎ᠠ ᠬᠦ᠋ ᠁ | ᠬᠠ ᠬᠠ᠂ ᠬᠠᠢ︕ | |