| | | | | ● ᠰᠡᠴᠡᠨᠪᠠᠲᠤ | | | ᠲᠦᠷᠦᠭᠦᠬᠡᠨ᠂ ᠨᠡᠶᠢᠰᠯᠡᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠬᠠᠷᠢᠶᠠᠲᠤ ᠲᠤᠷᠰᠢᠯᠲᠠ ᠶᠢᠨ | ᠰᠤᠷᠭᠠᠭᠤᠯᠢ ᠶᠢᠨ ᠬᠠᠮᠲᠤ ᠶᠢᠨ ᠴᠣᠭᠴᠠ ᠶᠢᠨ ᠰᠤᠷᠭᠠᠭᠤᠯᠢ ᠠᠯᠠᠱᠠ ᠮᠣᠩᠭᠤᠯ ᠦᠨᠳᠦᠰᠦᠲᠡᠨ ᠤ ᠪᠦᠷᠢᠨ ᠲᠤᠮᠳᠠᠳᠤ | ᠰᠤᠷᠭᠠᠭᠤᠯᠢ ᠶᠢᠨ ᠬᠢᠨ ᠤᠯᠤᠰ ᠤᠨ ᠨᠢᠭᠡᠳᠦᠯᠲᠡᠢ ᠰᠢᠯᠭᠠᠯᠲᠠ ᠳᠤ ᠰᠢᠪᠲᠤᠯᠤᠯᠲᠠ ᠬᠢᠬᠦ ᠵᠢᠴᠢ ᠨᠠᠰᠤᠨ ᠳᠤ | ᠭᠦᠷᠦᠭᠰᠡᠳ ᠤᠨ ᠶᠣᠰᠣᠯᠠᠯ ᠶᠠᠪᠤᠭᠤᠯᠵᠤ᠂ ᠳᠡᠭᠡᠳᠦ ᠭᠤᠷᠪᠠ ᠶᠢᠨ ᠰᠤᠷᠤᠬᠴᠢᠳ ᠤᠨ ᠤᠯᠤᠰ ᠤᠨ ᠰᠢᠯᠭᠠᠯᠲᠠ ᠳᠤ | ᠰᠠᠶᠢᠨ ᠬᠢᠷᠢ ᠪᠦᠳᠦᠮᠵᠢ ᠣᠯᠬᠤ ᠢᠲᠡᠭᠡᠯ ᠵᠣᠷᠢᠭ ᠢ ᠨᠢ ᠬᠥᠪᠴᠢᠯᠡᠵᠦ᠂ ᠰᠤᠷᠭᠠᠭᠤᠯᠢ ᠠᠴᠠ ᠰᠤᠷᠤᠬᠴᠢᠳ ᠲᠤ ︽ | ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠦᠨᠳᠦᠰᠦᠨ ᠬᠠᠤᠯᠢ︾ ᠶᠢᠨ ᠤᠩᠰᠢᠬᠤ ᠪᠢᠴᠢᠭ ᠢ | ᠲᠠᠷᠬᠠᠭᠠᠵᠤ᠂ ᠰᠤᠷᠤᠬᠴᠢᠳ ᠤᠯᠤᠰ ᠤᠨ ᠲᠤᠭ ᠲᠤ ︽ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠵᠦ᠂ ᠡᠬᠡ | ᠤᠯᠤᠰ ᠲᠠᠭᠠᠨ ᠦᠨᠡᠨᠴᠢ ᠰᠢᠳᠤᠷᠭᠤ᠂ ᠨᠤᠲᠤᠭ ᠤᠰᠤ ᠪᠠᠨ ᠪᠦᠲᠦᠭᠡᠨ ᠪᠠᠶᠢᠭᠤᠯᠤᠨ᠎ᠠ︾ ᠬᠡᠮᠡᠨ ᠲᠠᠩᠭᠠᠷᠢᠭᠯᠠᠨ | ᠨᠠᠰᠤᠨ ᠳᠤ ᠭᠦᠷᠦᠭᠰᠡᠨ ᠠᠮᠠᠯᠠᠯᠲᠠ ᠬᠢᠭᠰᠡᠨ ᠶᠠᠪᠤᠳᠠᠯ ᠤᠯᠠᠨ ᠤ ᠠᠩᠬᠠᠷᠤᠯ ᠢ ᠲᠠᠲᠠᠯ᠎ᠠ᠃ ᠰᠤᠷᠤᠬᠴᠢᠳ ᠡᠬᠡ | ᠤᠯᠤᠰ᠂ ᠠᠪᠤ ᠡᠵᠢ ᠪᠣᠯᠣᠨ ᠠᠴᠢᠲᠤ ᠪᠠᠭᠰᠢ ᠳᠠᠭᠠᠨ ᠮᠡᠬᠦᠶᠢᠨ ᠶᠣᠰᠣᠯᠠᠵᠤ ᠭᠦᠨ ᠲᠠᠯᠠᠷᠬᠠᠯ ᠢᠶᠠᠨ ᠳᠡᠪᠰᠢᠭᠦᠯᠦᠨ᠂ | ᠨᠠᠰᠤᠨ ᠳᠤ ᠭᠦᠷᠦᠭᠰᠡᠨ ᠢᠶᠠᠨ ᠲᠤᠩᠬᠠᠭᠯᠠᠵᠤ᠂ ᠤᠯᠤᠰ ᠤᠨ ᠰᠢᠯᠭᠠᠯᠲᠠ ᠪᠤᠯᠳᠠᠯ᠎ᠠ ᠪᠠᠰᠠ 60 ᠬᠤᠨᠤᠭ ᠤᠨ ᠡᠳᠦᠷ | ᠦᠯᠡᠳᠡᠵᠦ ᠪᠠᠶᠢᠬᠤ ᠶᠢ ᠲᠡᠮᠳᠡᠭᠯᠡᠵᠡᠢ᠃ | ᠰᠤᠷᠤᠬᠴᠢᠳ ᠲᠤ ᠬᠤᠶᠠᠷᠬᠠᠨ ᠰᠠᠷ᠎ᠠ ᠶᠢᠨ ᠴᠢᠯᠦᠭᠡ ᠦᠯᠡᠳᠡᠵᠦ ᠪᠠᠶᠢᠨ᠎ᠠ ᠭᠡᠵᠦ ᠪᠤᠳᠤᠬᠤ ᠳᠤ | ᠡᠨᠡᠭᠦᠬᠡᠨ ᠳᠤ ᠪᠠᠶᠢᠬᠤ ᠰᠢᠭ᠋᠂ ᠲᠠᠭᠢᠭᠠᠳ ᠵᠢᠷᠠᠨ ᠡᠳᠦᠷ ᠤᠨ ᠴᠠᠭ ᠪᠢᠳᠡᠨ ᠢ ᠬᠦᠯᠢᠶᠡᠵᠦ ᠪᠤᠢ ᠭᠡᠬᠦ ᠳᠤ ᠪᠠᠰᠠ | ᠬᠤᠯᠠ ᠪᠠᠶᠢᠬᠤ ᠰᠢᠭ᠋ ᠰᠠᠨᠠᠭᠳᠠᠬᠤ ᠮᠠᠭᠠᠳ᠃ ᠬᠤᠶᠠᠷ ᠰᠠᠷ᠎ᠠ ᠴᠤ ᠪᠣᠯᠤᠭ᠂ ᠵᠢᠷᠠᠨ ᠡᠳᠦᠷ ᠴᠤ ᠶᠠᠭᠠᠬᠢᠬᠤᠪ᠃ | ᠡᠨᠡ ᠵᠢᠯ ᠤᠨ ᠶᠡᠭᠡ ᠳᠡᠭᠡᠳᠦ ᠰᠤᠷᠭᠠᠭᠤᠯᠢ ᠶᠢᠨ ᠤᠯᠤᠰ ᠤᠨ ᠨᠢᠭᠡᠳᠦᠯᠲᠡᠢ ᠰᠢᠯᠭᠠᠯᠲᠠ ᠳᠤ ᠣᠷᠤᠯᠴᠠᠬᠤ ᠰᠤᠷᠤᠬᠴᠢ | ᠳᠡᠭᠦᠦᠨᠡᠷ ᠲᠤ ᠠᠪᠴᠤ ᠬᠡᠯᠡᠪᠡᠯ᠂ ᠠᠰᠬᠠᠷᠠᠭᠰᠠᠨ ᠲᠡᠯ ᠬᠡᠶᠢᠰᠬᠡᠵᠦ᠂ ᠠᠭᠰᠤᠮ ᠴᠠᠭᠠᠨ ᠮᠣᠷᠢ ᠣᠨᠣᠭᠰᠠᠨ | ᠤᠯᠤᠰ ᠤᠨ ᠰᠢᠯᠭᠠᠯᠲᠠ ᠬᠠᠮᠢᠭ᠎ᠠ ᠬᠤᠯᠠ ᠠᠴᠠ ᠢᠨᠴᠠᠭᠠᠵᠤ ᠤᠶᠠᠭᠠᠨ ᠳᠡᠭᠡᠷ᠎ᠡ ᠤᠳᠠᠯ ᠦᠭᠡᠢ ᠬᠦᠷᠴᠦ ᠢᠷᠡᠬᠦ ᠶᠢ | ᠬᠤᠨᠤᠭ ᠲᠣᠭᠠᠯᠠᠨ ᠰᠢᠮᠳᠠᠬᠤ ᠪᠣᠯᠤᠭᠰᠠᠨ ᠨᠢ ᠮᠡᠳᠡᠭᠡᠵᠢ᠃ ᠤᠯᠤᠰ ᠤᠨ ᠨᠢᠭᠡᠳᠦᠯᠲᠡᠢ ᠰᠢᠯᠭᠠᠯᠲᠠ ᠪᠣᠯ ᠲᠠ | ᠨᠠᠷ ᠤᠨ ᠠᠮᠢᠳᠤᠷᠠᠯ ᠳᠤ ᠲᠣᠬᠢᠶᠠᠬᠤ ᠥᠨᠳᠥᠷ ᠳᠠᠪᠠᠭ᠎ᠠ᠂ ᠭᠡᠬᠦ ᠳᠡᠭᠡᠨ ᠰᠤᠷᠴᠤ ᠡᠵᠡᠮᠰᠢᠭᠰᠡᠨ ᠡᠷᠳᠡᠮ ᠮᠡᠳᠡᠯᠭᠡ᠂ | ᠰᠡᠳᠬᠢᠵᠦ ᠪᠤᠳᠤᠬᠤ ᠴᠢᠳᠠᠪᠤᠷᠢ᠂ ᠠᠰᠠᠭᠤᠯᠳᠠ ᠶᠢᠨ ᠢᠯᠡ ᠲᠠᠯᠳᠠ ᠤᠳᠬ᠎ᠠ ᠤᠬᠠᠭᠠᠨ ᠢ ᠰᠦᠪᠡᠭᠴᠢᠯᠡᠬᠦ | ᠴᠢᠳᠠᠪᠤᠷᠢ ᠪᠠᠨ ᠰᠣᠷᠢᠬᠤ ᠬᠡᠮᠡᠨ ᠨᠤᠲᠤᠭ ᠨᠤᠲᠤᠭ ᠤᠨ ᠠᠪᠤ ᠶᠢᠨ ᠬᠦᠦ ᠡᠵᠢ ᠶᠢᠨ ᠥᠬᠢᠳ ᠬᠠᠮᠲᠤ ᠪᠠᠷ ᠢᠵᠢᠯᠬᠡᠨ | ᠨᠢᠭᠡᠨ ᠰᠢᠯᠭᠠᠯᠲᠠ ᠳᠤ ᠤᠷᠤᠯᠴᠠᠵᠤ᠂ ᠥᠪᠡᠷ ᠤᠨ ᠰᠡᠳᠬᠢᠬᠦ ᠤᠬᠠᠭᠠᠨ ᠢᠶᠠᠷ ᠢᠶᠠᠨ ᠰᠡᠳᠬᠢᠵᠦ᠂ ᠵᠠᠳᠠᠯᠤᠨ | ᠰᠢᠨᠵᠢᠯᠡᠵᠦ᠂ ᠬᠠᠷᠢᠭᠤᠯᠲᠠ ᠶᠢ ᠨᠢ ᠲᠣᠳᠣᠷᠠᠭᠤᠯᠤᠨ᠂ ᠤᠬᠠᠭᠠᠨ ᠴᠢᠳᠠᠪᠤᠷᠢ ᠪᠠᠨ ᠭᠡᠷᠡᠴᠢᠯᠡᠬᠦ ᠨᠢᠭᠡᠨ ᠰᠠᠶᠢᠬᠠᠨ | ᠲᠤᠭᠢᠶᠠᠯ ᠪᠣᠯᠬᠤᠷ ᠤᠯᠤᠰ ᠤᠨ ᠰᠢᠯᠭᠠᠯᠲᠠ ᠶᠢ ᠰᠤᠷᠤᠯᠭ᠎ᠠ ᠶᠢᠨ ᠲᠤᠭᠤᠯᠵᠤ ᠳᠡᠶᠢᠯᠦᠰᠢ ᠦᠭᠡᠢ ᠪᠡᠷᠬᠡ ᠳᠠᠪᠠᠭ᠎ᠠ | ᠭᠡᠵᠦ ᠵᠢᠷᠦᠬᠡᠰᠢᠶᠡᠨ ᠠᠶᠤᠬᠤ ᠶᠢᠨ ᠣᠷᠣᠨ ᠳᠤ ︽ᠰᠠᠶᠢᠬᠠᠨ ᠨᠠᠶᠢᠵᠠ︾ ᠮᠢᠨᠢ ᠢᠷᠡᠬᠦ ᠭᠡᠵᠦ ᠪᠠᠶᠢᠨ᠎ᠠ ᠬᠡᠮᠡᠨ ᠪᠠᠶᠠᠷ | ᠲᠠᠢ ᠤᠭᠲᠤᠵᠤ ᠠᠪᠬᠤ ᠨᠢ ᠲᠠᠭᠠᠷᠠᠨ᠎ᠠ᠃ ᠶᠡᠷᠦ ᠨᠢ ᠶᠠᠭᠤᠮ᠎ᠠ ᠶᠢ ᠰᠠᠶᠢᠬᠠᠨ ᠢᠶᠠᠷ ᠰᠡᠳᠬᠢᠵᠦ ᠰᠠᠶᠢᠬᠠᠨ ᠢᠶᠠᠷ | ᠬᠠᠷᠠᠬᠤ ᠰᠠᠶᠢᠬᠠᠨ ᠰᠢᠤ ᠳ᠋ᠠ᠃ | ᠠᠷᠪᠠᠨ ᠨᠠᠢᠮᠠᠨ ᠨᠠᠰᠤᠨ ᠳᠤ ᠢᠯᠡᠭᠡᠭᠰᠡᠨ ᠠᠮᠠᠨ ᠲᠠᠩᠭᠠᠷᠢᠭ ᠭᠡᠵᠦ ᠶᠠᠭᠤ ᠪᠤᠢ︖ ᠲᠠᠷᠡ ᠪᠣᠯ ᠨᠢᠭᠡ | ᠵᠦᠢᠯ ᠤᠨ ᠶᠣᠰᠣᠯᠠᠯ ᠠᠵᠢᠯᠯᠠᠭ᠎ᠠ ᠲᠡᠳᠦᠢ᠂ ᠲᠡᠶᠢᠮᠦ ᠮᠥᠷᠲᠡᠭᠡᠨ ᠥᠪᠡᠷ ᠤᠨ ᠪᠡᠶ᠎ᠡ ᠳᠡᠭᠡᠨ ᠢᠲᠡᠭᠡᠯ ᠵᠣᠷᠢᠭ | ᠬᠥᠪᠴᠢᠯᠡᠵᠦ᠂ ᠰᠤᠷᠤᠯᠭ᠎ᠠ ᠶᠢᠨ ᠤᠷᠳᠤ ᠠᠶᠠᠨ ᠳᠠᠬᠢ ᠨᠢᠭᠡᠨ ᠪᠣᠭᠤᠮᠲᠠ ᠶᠢ ᠳᠠᠪᠠᠭ᠋ᠤ ᠯᠠ ᠤᠴᠢᠷ ᠳ᠋ᠠ᠃ ᠶᠠᠮᠠᠷ | ᠴᠤ ᠪᠠᠶᠢᠭᠰᠠᠨ᠂ ᠤᠯᠤᠰ ᠤᠨ ᠨᠢᠭᠡᠳᠦᠯᠲᠡᠢ ᠰᠢᠯᠭᠠᠯᠲᠠ ᠳᠠᠭᠠᠨ ᠶᠠᠭᠠᠷᠠᠵᠤ ᠰᠠᠨᠳᠤᠷᠬᠤ ᠦᠭᠡᠢ᠂ ᠪᠠᠴᠢᠮᠳᠠᠵᠤ | ᠲᠤᠯᠭᠠᠮᠳᠠᠬᠤ ᠦᠭᠡᠢ᠂ ᠲᠣᠭᠲᠠᠭᠤᠨ ᠬᠦᠯᠢᠴᠡᠩᠭᠦᠢ ᠣᠪᠣᠷ ᠢᠶᠠᠷ ᠬᠠᠨᠳᠤᠵᠤ᠂ ᠥᠪᠡᠷ ᠤᠨ ᠬᠦᠰᠡᠵᠦ ᠰᠠᠨᠠᠭᠰᠠᠨ | ᠶᠡᠭᠡ ᠰᠤᠷᠭᠠᠭᠤᠯᠢ ᠳᠠᠭᠠᠨ ᠰᠢᠯᠭᠠᠨ ᠣᠷᠣᠵᠤ᠂ ᠳᠤᠷ᠎ᠠ ᠲᠠᠢ ᠮᠡᠷᠭᠡᠵᠢᠯ ᠢᠶᠠᠨ ᠰᠣᠩᠭᠤᠨ ᠰᠤᠷᠴᠤ᠂ ᠠᠴᠢᠲᠤ | ᠪᠠᠭᠰᠢ ᠶᠢᠨ ᠢᠶᠠᠨ ᠡᠷᠳᠡᠮ ᠮᠡᠳᠡᠯᠭᠡ ᠬᠦᠷᠲᠡᠭᠡᠭᠰᠡᠨ ᠵᠢᠳᠬᠦᠯ᠂ ᠠᠪᠤ ᠡᠵᠢ ᠶᠢᠨ ᠢᠶᠠᠨ ᠬᠠᠶᠢᠷ᠎ᠠ ᠡᠨᠡᠷᠢᠯ ᠳᠤ | ᠲᠠᠯᠠᠷᠬᠠᠵᠤ᠂ ᠡᠬᠡ ᠤᠯᠤᠰ ᠲᠠᠭᠠᠨ ᠬᠡᠷᠡᠭᠴᠡᠭᠡ ᠲᠠᠢ ᠴᠢᠳᠠᠪᠤᠷᠢᠲᠠᠨ ᠪᠣᠯᠵᠤ ᠬᠥᠮᠥᠵᠢᠭᠳᠡᠬᠦ ᠨᠢ ᠶᠠᠷᠢᠶᠠᠨ ᠦᠭᠡᠢ | ᠬᠠᠮᠤᠭ ᠴᠢᠬᠤᠯᠠ ᠶᠠᠪᠤᠳᠠᠯ ᠪᠣᠯᠣᠨ᠎ᠠ᠃ ᠰᠢᠯᠭᠠᠯᠲᠠ ᠭᠡᠳᠡᠭ ᠴᠢᠨᠢ ᠮᠡᠳᠡᠯᠭᠡ ᠴᠢᠳᠠᠪᠤᠷᠢ ᠰᠣᠷᠢᠭᠰᠠᠨ ᠳᠠᠪᠠᠭ᠎ᠠ | ᠲᠡᠳᠦᠢ ᠴᠤ ᠨᠦᠭᠦᠭᠡ ᠲᠠᠯ᠎ᠠ ᠪᠠᠷ ᠰᠡᠳᠬᠢᠯ ᠤᠨ ᠲᠡᠩᠬᠡᠭᠡ ᠰᠢᠯᠭᠠᠭᠰᠠᠨ ᠨᠢᠭᠡ ᠤᠳᠠᠭᠠᠨ ᠤ ᠰᠣᠷᠢᠯᠲᠠ ᠶᠤᠮ᠃ | ᠥᠩᠭᠡᠷᠡᠵᠦ ᠣᠲᠣᠭᠰᠠᠨ ᠠᠷᠪᠠ ᠭᠠᠷᠤᠢ ᠵᠢᠯ ᠤᠨ ᠰᠤᠷᠭᠠᠭᠤᠯᠢ ᠶᠢᠨ ᠠᠮᠢᠳᠤᠷᠠᠯ ᠳᠠᠭᠠᠨ ᠰᠤᠷᠭᠠᠭᠤᠯᠢ ᠶᠢᠨ | ᠳᠦᠷᠢᠮᠲᠦ ᠬᠤᠪᠴᠠᠰᠤ ᠪᠠᠷ ᠭᠤᠶᠤᠨ᠂ ᠰᠤᠷᠬᠤ ᠶᠢᠨ ᠲᠡᠷᠳᠡᠩ ᠵᠠᠮ ᠢᠶᠠᠷ ᠳᠣᠪᠲᠣᠯᠭᠠᠵᠤ ᠢᠷᠡᠭᠰᠡᠨ ᠲᠠ ᠨᠠᠷ ᠮᠢᠨᠢ | ᠰᠢᠯᠭᠠᠯᠲᠠ ᠪᠠᠨ ᠳᠣᠭᠳᠣᠯᠤᠩᠭᠤᠢ᠂ ᠭᠦᠭᠰᠡᠩᠭᠦᠢ ᠬᠦᠯᠢᠶᠡᠵᠦ ᠪᠠᠶᠢᠯ᠎ᠠ ᠴᠤ ᠭᠡᠰᠡᠨ ᠪᠠᠰᠠ ᠰᠠᠨᠳᠤᠷᠤᠯ᠂ | ᠠᠶᠢᠳᠠᠰ ᠲᠤ ᠠᠪᠲᠠᠭᠰᠠᠨ ᠪᠠᠶᠢᠵᠤ ᠮᠡᠳᠡᠨ᠎ᠡ᠃ ᠬᠠᠷᠢᠨ ᠡᠨᠡ ᠦᠶ᠎ᠡ ᠳᠤ ᠥᠪᠡᠷ ᠢ ᠪᠠᠨ ᠲᠠᠶᠢᠪᠤᠰᠢᠷᠠᠭᠤᠯᠵᠤ | ᠲᠠᠶᠢᠪᠤᠭᠤᠬᠠᠨ ᠪᠠᠶᠢᠵᠠᠭᠠᠶ᠎ᠠ᠂ ᠪᠠᠶᠠᠷ ᠲᠠᠢ ᠵᠣᠯᠪᠣᠭᠠᠲᠠᠢ ᠤᠭᠲᠤᠵᠠᠭᠠᠶ᠎ᠠ︕ ︽ᠤᠯᠤᠰ ᠤᠨ ᠨᠢᠭᠡᠳᠦᠯᠲᠡᠢ | ᠰᠢᠯᠭᠠᠯᠲᠠ︾ ᠳᠤ ᠣᠷᠤᠯᠴᠠᠬᠤ ᠭᠡᠭᠴᠢ ᠥᠪᠡᠷ ᠲᠤ ᠪᠤᠢ ᠲᠠᠯᠳᠠ ᠴᠢᠳᠠᠪᠤᠷᠢ ᠪᠠᠨ ᠠᠭᠤᠳᠠᠯᠤᠨ᠂ ᠥᠪᠡᠷ ᠢ ᠪᠠᠨ | ᠭᠡᠷᠡᠴᠢᠯᠡᠬᠦ ᠶᠠᠪᠤᠳᠠᠯ ᠬᠡᠮᠡᠨ ᠣᠶᠢᠯᠠᠭᠠᠬᠤ ᠦᠶ᠎ᠡ ᠳᠤ ᠰᠢᠯᠭᠠᠯᠲᠠ ᠬᠥᠩᠭᠡᠨ ᠰᠠᠨᠠᠭᠳᠠᠬᠤ ᠨᠢ ᠮᠡᠳᠡᠭᠡᠵᠢ᠃ ᠶᠡᠭᠡ | ᠵᠣᠬᠢᠶᠠᠯᠴᠢ ᠰᠠᠶᠢᠴᠤᠩᠭ᠎ᠠ ᠶᠢᠨ ︽ᠮᠡᠳᠡᠯ ᠢᠶᠠᠨ ᠪᠦᠷᠢᠳᠬᠡᠨ᠂ ᠴᠢᠳᠠᠯ ᠢᠶᠠᠨ ᠪᠦᠷᠢᠨᠰᠢᠭᠦᠯᠵᠦ᠂ ᠬᠠᠷᠠᠴᠠ ᠪᠠᠨ | ᠬᠤᠯᠠᠳᠬᠠᠨ ᠪᠠᠶᠢᠭᠠᠷᠠᠢ︾ ᠭᠡᠰᠡᠨ ᠢ ᠰᠠᠨᠠᠵᠤ᠂ ᠤᠯᠤᠰ ᠤᠨ ᠰᠢᠯᠭᠠᠯᠲᠠ ᠠᠴᠠ ᠠᠶᠤᠵᠤ ᠰᠦᠷᠳᠡᠬᠦ ᠦᠭᠡᠢ᠂ | ᠥᠪᠡᠷ ᠢ ᠪᠠᠨ ᠢᠳᠡᠭᠡᠨ ᠰᠤᠷᠴᠤ ᠮᠡᠳᠡᠭᠰᠡᠨ ᠢᠶᠠᠨ ᠭᠡᠷᠡᠴᠢᠯᠡᠬᠦ᠂ ᠥᠪᠡᠷ ᠲᠤ ᠨᠢᠭᠤᠭᠳᠠᠵᠤ ᠪᠤᠢ ᠡᠷᠳᠡᠮ | ᠮᠡᠳᠡᠯᠭᠡ ᠪᠠᠨ ᠬᠥᠮᠥᠨ ᠳᠤ ᠬᠠᠷᠠᠭᠤᠯᠬᠤ ᠨᠠᠨᠳᠢᠨ ᠵᠠᠪᠰᠢᠶᠠᠨ ᠭᠡᠵᠦ ᠬᠠᠷᠠᠭᠠᠳ ᠲᠠᠶᠢᠪᠤᠩ ᠲᠣᠭᠲᠠᠭᠤᠬᠠᠨ ᠢᠶᠠᠷ | ᠰᠢᠯᠭᠠᠯᠲᠠ ᠳᠠᠭᠠᠨ ᠬᠠᠨᠳᠤᠬᠤ ᠨᠢ ᠵᠦᠢ᠃ | ᠰᠤᠷᠤᠬᠴᠢ ᠳᠡᠭᠦᠦᠨᠡᠷ ᠲᠤ ᠠᠪᠴᠤ ᠬᠡᠯᠡᠪᠡᠯ ᠬᠠᠪᠤᠷ ᠤᠷᠳᠤ᠂ ᠵᠤᠨ ᠣᠶᠢᠷᠠᠬᠠᠨ ᠰᠠᠨᠠᠭᠳᠠᠵᠤ ᠶᠠᠭᠤᠨ | ᠮᠠᠭᠠᠳ᠃ ᠤᠯᠤᠰ ᠤᠨ ᠨᠢᠭᠡᠳᠦᠯᠲᠡᠢ ᠰᠢᠯᠭᠠᠯᠲᠠ ᠶᠢ ᠤᠭᠲᠤᠵᠤ ᠤᠯᠠᠨ ᠤᠳᠠᠭᠠᠨ ᠤ ᠰᠣᠷᠢᠯᠲᠠ ᠬᠢᠵᠦ᠂ | ᠰᠤᠷᠤᠬᠰᠠᠨ ᠮᠡᠳᠡᠯᠭᠡ᠂ ᠪᠠᠲᠤᠳᠬᠠᠭᠰᠠᠨ ᠪᠣᠯᠪᠠᠰᠤᠷᠠᠯ ᠢᠶᠠᠨ ᠰᠢᠯᠭᠠᠵᠤ᠂ ᠡᠷᠲᠡ ᠣᠷᠣᠢ ᠦᠭᠡᠢ ᠴᠠᠭ ᠢ ᠠᠮᠵᠢᠨ | ᠳᠠᠪᠲᠠᠵᠤ ᠰᠤᠷᠤᠯᠴᠠᠵᠤ ᠶᠠᠪᠤᠭ᠎ᠠ ᠲᠠ ᠨᠠᠷ ᠢ ᠤᠷᠮ᠎ᠠ ᠶᠢᠨ ᠰᠠᠶᠢᠬᠠᠨ ᠦᠭᠡ ᠪᠠᠷ ᠵᠣᠷᠢᠭᠵᠢᠭᠤᠯᠵᠤ ᠲᠡᠳᠬᠦᠬᠦ ᠨᠢ | ᠬᠠᠮᠤᠭ ᠰᠠᠶᠢᠬᠠᠨ ᠪᠤᠳᠤᠬᠳᠠᠨ᠎ᠠ᠃ ᠪᠠᠭᠰᠢ᠂ ᠭᠡᠷ ᠤᠨ ᠠᠮᠠᠬᠠᠳ᠂ ᠬᠠᠮᠲᠤ ᠰᠤᠷᠤᠯᠭᠠᠲᠠᠨ᠂ ᠨᠠᠶᠢᠵᠠ ᠨᠥᠬᠦᠳ᠂ | ᠨᠡᠶᠢᠭᠡᠮ ᠨᠡᠶᠢᠳᠡ ᠤᠨ ᠬᠢᠨ ᠭᠡᠳ ᠬᠡᠨ ᠬᠥᠮᠥᠨ ᠴᠤ ᠭᠡᠰᠡᠨ ᠬᠠᠮᠢᠶ᠎ᠠ ᠦᠭᠡᠢ ᠪᠢᠳᠡ ᠰᠢᠯᠭᠠᠭᠤᠯᠤᠭᠰᠠᠳ ᠲᠠᠭᠠᠨ | ᠤᠷᠮ᠎ᠠ ᠶᠢᠨ ᠰᠠᠶᠢᠬᠠᠨ ᠢ ᠥᠭᠬᠦ ᠶᠣᠰᠣᠲᠠᠢ᠃ ᠲᠠ ᠨᠠᠷ ᠤᠨ ᠲᠠᠯᠳᠠ ᠴᠢᠳᠠᠪᠤᠷᠢ ᠲᠠᠯᠠᠢ ᠮᠡᠲᠦ ᠭᠦᠨ᠂ ᠲᠡᠭᠷᠢ ᠮᠡᠲᠦ | ᠴᠡᠭᠡᠯᠬᠡᠨ᠂ ᠬᠠᠶᠢᠷᠬᠠᠨ ᠮᠡᠲᠦ ᠰᠦᠷᠯᠢᠭ᠂ ᠮᠡᠴᠢᠳ ᠮᠡᠲᠦ ᠭᠢᠯᠠᠯᠵᠠᠵᠤ ᠴᠢᠳᠠᠨ᠎ᠠ ᠰᠢᠤ ᠭᠡᠳᠡᠭ ᠲᠤ ᠢᠲᠡᠭᠡᠭᠡᠷᠡᠢ᠃ | ︽ᠮᠥᠷᠥᠭᠡᠳᠦᠯ ᠠᠭᠤᠤ ᠪᠠᠶᠢᠬᠤ ᠲᠤᠰᠤᠮ ᠢᠶᠠᠨ ᠪᠡᠷᠬᠡᠰᠢᠶᠡᠯ ᠥᠴᠥᠬᠡᠨ ᠪᠣᠯᠵᠤ ᠬᠤᠪᠢᠷᠠᠳᠠᠭ︾ ᠭᠡᠳᠡᠭ ᠢᠶᠠᠷ | ᠰᠢᠯᠭᠠᠯᠲᠠ ᠳᠤ ᠣᠷᠤᠯᠴᠠᠬᠤ ᠳᠡᠭᠦᠦ ᠨᠠᠷ᠂ ᠵᠠᠯᠠᠭᠤᠴᠤᠳ ᠲᠠᠭᠠᠨ ᠵᠣᠷᠢᠭ ᠱᠠᠩᠨᠠᠵᠤ ᠠᠮᠵᠢᠯᠲᠠ ᠬᠦᠰᠡᠶ᠎ᠡ︕ | ᠠᠮᠵᠢᠯᠲᠠ ᠡᠭᠦᠷᠢᠳᠡ ᠲᠠᠨᠠᠷ ᠤᠨ ᠬᠢ ᠰᠢᠤ︕ | | | |