﹇ᠨᠡᠶᠢᠭᠡᠮ ᠠᠮᠢᠳᠤᠷᠠᠯ﹈ ᠬᠡᠦᠬᠡᠳ ᠤᠨ ᠮᠠᠭᠤᠬᠠᠢ ᠵᠠᠩᠰᠢᠯ ᠤᠨ ᠠᠷᠤ ᠳᠠᠬᠢ ᠭᠡᠷ ᠪᠦᠯᠢ ᠶᠢᠨ ᠮᠠᠭᠤᠬᠠᠢ ᠵᠠᠩᠰᠢᠯ
ᠨᠡᠶᠢᠲᠡᠯᠡᠭᠰᠡᠨ ᠴᠠᠭ᠄
2024/12/31
                     ᠠᠪᠤ ᠡᠵᠢ ᠪᠣᠯᠤᠭᠰᠠᠳ ᠤᠨ ᠬᠡᠦᠬᠡᠳ ᠢᠶᠠᠨ ᠰᠤᠷᠭᠠᠨ ᠬᠦᠮᠦᠵᠢᠭᠦᠯᠬᠦ ᠠᠷᠭ᠎ᠠ ᠪᠠᠷᠢᠯ ᠨᠢ ᠬᠡᠦᠬᠡᠳ ᠤᠨ ᠦᠰᠦᠨ ᠪᠣᠶᠢᠵᠢᠯᠲᠠ ᠳᠤᠮᠳᠠ ᠬᠡᠦᠬᠡᠳ ᠤᠨ ᠵᠠᠩ ᠰᠤᠷᠲᠠᠭᠤᠨ ᠢ ᠰᠢᠭᠤᠳ ᠨᠦᠯᠦᠭᠡᠯᠡᠳᠡᠭ ᠶᠤᠮ᠃ ᠬᠡᠦᠬᠡᠳ ᠢᠶᠠᠨ ᠪᠤᠷᠤᠭᠤᠰᠢᠶᠠᠨ ᠵᠢᠮᠡᠯᠡᠬᠦ ᠦᠶᠡᠰ ᠳᠤ ᠠᠪᠤ ᠡᠵᠢ ᠪᠣᠯᠤᠭᠰᠠᠳ ᠦᠪᠡᠷ ᠤᠨ ᠰᠤᠷᠭᠠᠨ ᠬᠦᠮᠦᠵᠢᠭᠦᠯᠬᠦ ᠠᠷᠭ᠎ᠠ ᠪᠠᠷᠢᠯ ᠴᠢᠨᠢ ᠵᠦᠪ ᠡᠰᠡᠬᠦ ᠶᠢ ᠠᠬᠢᠨ ᠲᠤᠩᠭᠠᠬᠤ ᠴᠢᠬᠤᠯᠠ ᠲᠠᠢ ᠦᠭᠡᠢ ᠦᠦ︖ ᠠᠪᠤ ᠡᠵᠢ ᠪᠣᠯᠤᠭᠰᠠᠳ ᠮᠠᠨᠢ ᠬᠡᠦᠬᠡᠳ ᠎ ᠲᠠᠢ ᠪᠠᠨ ᠴᠤᠭ ᠢᠶᠠᠷ ᠦᠰᠦᠨ ᠪᠣᠶᠢᠵᠢᠬᠤ ᠴᠢᠬᠤᠯᠠ ᠪᠠᠶᠢᠭ᠎ᠠ︕      ᠴᠢᠨᠦ ᠦᠨᠦᠳᠦᠷ ᠪᠣᠯ ᠬᠡᠦᠬᠡᠳ ᠤᠨ ᠮᠠᠷᠭᠠᠰᠢ      1 ᠴᠢ ᠦᠨᠦᠳᠦᠷ ᠬᠡᠦᠬᠡᠳ ᠳᠤ ᠪᠠᠷᠬᠢᠷᠠᠪᠠᠯ᠂ ᠮᠠᠷᠭᠠᠰᠢ ᠬᠡᠦᠬᠡᠳ ᠴᠢᠨᠢ ᠦᠨᠳᠦᠷ ᠳᠠᠭᠤᠨ ᠪᠠᠷ ᠴᠢᠮ᠎ᠠ ᠲᠠᠢ ᠦᠭᠡ ᠶᠠᠷᠢᠬᠤ ᠳᠤ ᠪᠢᠲᠡᠬᠡᠢ ᠭᠤᠮᠣᠳᠠ︕      2 ᠦᠨᠦᠳᠦᠷ ᠴᠢ ᠬᠡᠦᠬᠡᠳ ᠳᠤ ᠬᠦᠯᠢᠴᠡᠩᠭᠦᠢ ᠲᠡᠰᠪᠦᠷᠢ ᠦᠭᠡᠢ ᠶᠤᠮ ᠪᠣᠯ᠂ ᠮᠠᠷᠭᠠᠰᠢ ᠬᠡᠦᠬᠡᠳ ᠴᠢᠨᠢ ᠴᠢᠮ᠎ᠠ ᠶᠢ ᠡᠭ᠍ᠳᠡᠭᠦᠴᠡᠬᠦ ᠳᠤ ᠪᠢᠲᠡᠬᠡᠢ ᠭᠤᠮᠣᠳᠠ︕      3 ᠦᠨᠦᠳᠦᠷ ᠴᠢ ᠬᠡᠦᠬᠡᠳ ᠢᠶᠠᠨ ᠬᠦᠮᠦᠨ ᠠᠴᠠ ᠬᠤᠷᠴᠠ ᠰᠡᠷᠭᠦᠯᠡᠩ ᠪᠢᠰᠢ ᠭᠡᠵᠦ ᠵᠠᠩᠨᠠᠪᠠᠯ᠂ ᠮᠠᠷᠭᠠᠰᠢ ᠬᠡᠦᠬᠡᠳ ᠴᠢᠨᠢ ᠪᠡᠶ᠎ᠡ ᠳᠡᠭᠡᠨ ᠢᠲᠡᠭᠡᠯ ᠵᠣᠷᠢᠭ ᠦᠭᠡᠢ ᠪᠣᠯᠬᠤ ᠳᠤ ᠪᠢᠲᠡᠬᠡᠢ ᠭᠤᠮᠣᠳᠠ︕      4 ᠴᠢ ᠬᠡᠦᠬᠡᠳ ᠢᠶᠠᠨ ᠬᠠᠷᠢᠶᠠᠨ ᠵᠣᠳᠤᠭᠠᠳ ᠳᠠᠳᠴᠢᠬᠠᠭᠰᠠᠨ ᠶᠤᠮ ᠪᠣᠯ᠂ ᠮᠠᠷᠭᠠᠰᠢ ᠬᠡᠦᠬᠡᠳ ᠴᠢᠨᠢ ᠬᠡᠷᠴᠡᠭᠡᠢ ᠪᠠᠯᠠᠮᠠᠳ ᠡᠵᠡᠷᠬᠡ ᠪᠣᠳᠤᠯ ᠤᠯᠠᠮ ᠠᠴᠠ ᠶᠡᠭᠡ ᠪᠣᠯᠬᠤ ᠳᠤ ᠪᠢᠲᠡᠬᠡᠢ ᠭᠤᠮᠣᠳᠠ︕      5 ᠴᠢ ᠦᠪᠡᠷᠲᠡᠭᠡᠨ ᠦᠶ᠎ᠡ ᠵᠠᠭᠠᠭ ᠢᠶᠠᠨ ᠢᠯᠭᠠᠬᠤ ᠦᠭᠡᠢ ᠶᠤᠮ ᠪᠣᠯ᠂ ᠮᠠᠷᠭᠠᠰᠢ ᠬᠡᠦᠬᠡᠳ ᠴᠢᠨᠢ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠬᠦ ᠦᠭᠡᠢ ᠳᠤᠨᠢ ᠪᠢᠲᠡᠬᠡᠢ ᠭᠤᠮᠣᠳᠠ︕      ᠲᠡᠶᠢᠮᠦ ᠠᠴᠠ ᠦᠪ ᠦᠨᠡᠨᠬᠦ ᠰᠤᠷᠭᠠᠨ ᠬᠦᠮᠦᠵᠢᠯ ᠪᠣᠯ ᠨᠢᠭᠡ ᠵᠦᠢᠯ ᠤᠨ ᠪᠣᠯᠪᠠᠰᠤᠷᠠᠯ᠃ ᠬᠡᠦᠬᠡᠳ ᠤᠨ ᠦᠨᠡᠨᠴᠢ ᠴᠠᠶᠢᠯᠭᠠᠨ᠂ ᠬᠠᠷᠠᠮᠴᠢ ᠪᠣᠰᠤ᠂ ᠬᠤᠷᠴᠠ ᠰᠡᠷᠭᠦᠯᠡᠩ ᠨᠢ ᠲᠣᠮᠤ ᠬᠦᠮᠦᠰ ᠤᠨ ᠭᠠᠴᠢᠭᠳᠠᠨ ᠰᠠᠨᠳᠤᠷᠠᠬᠤ᠂ ᠬᠢᠷᠢ ᠬᠦᠴᠦᠨ᠂ ᠦᠪᠡᠷ ᠢ ᠪᠠᠨ ᠲᠣᠮᠤᠴᠢᠯᠠᠬᠤ ᠦᠵᠡᠯ ᠰᠠᠨᠠᠭ᠎ᠠ ᠶᠢ ᠤᠭᠢᠶᠠᠭᠰᠠᠨ ᠪᠠᠶᠢᠨ᠎ᠠ︕ ᠵᠦᠪ ᠣᠨᠤᠪᠴᠢ ᠎ ᠲᠠᠢ ᠰᠤᠷᠭᠠᠨ ᠬᠦᠮᠦᠵᠢᠯ ᠨᠢ ᠳᠠᠷᠤᠢ ᠠᠪᠤ ᠡᠵᠢ ᠪᠣᠯᠤᠭᠰᠠᠳ ᠦᠪᠡᠷ ᠳᠤ ᠨᠢ ᠲᠣᠯᠢ ᠪᠣᠯᠤᠭᠰᠠᠨ ᠬᠡᠦᠬᠡᠳ ᠢᠶᠠᠨ ᠰᠤᠷᠭᠠᠨ ᠬᠦᠮᠦᠵᠢᠭᠦᠯᠬᠦ ᠶᠢᠨ ᠳᠠᠭᠤ ᠳᠤ ᠲᠠᠰᠤᠷᠠᠯᠲᠠ ᠦᠭᠡᠢ ᠦᠪᠡᠷ ᠢ ᠪᠠᠨ ᠲᠠᠨᠢᠵᠤ᠂ ᠦᠪᠡᠷ ᠢ ᠪᠠᠨ ᠥᠭᠡᠷᠡᠴᠢᠯᠡᠨ᠂ ᠦᠪᠡᠷ ᠢ ᠪᠠᠨ ᠤᠬᠠᠨ ᠭᠠᠷᠭᠠᠬᠤ ᠶᠢᠨ ᠳᠠᠭᠤ ᠵᠦᠪ ᠣᠨᠤᠪᠴᠢ ᠲᠠᠢ ᠪᠠᠷ ᠬᠡᠦᠬᠡᠳ ᠳᠤ ᠦᠨᠡᠨ ᠪᠣᠳᠠᠲᠡᠢ ᠪᠠᠷ ᠳᠠᠭᠤᠷᠢᠶᠠᠯ ᠦᠵᠡᠭᠦᠯᠦᠨ᠎ᠡ᠃ ᠢᠩᠭᠢᠵᠦ ᠬᠡᠦᠬᠡᠳ ᠢᠶᠠᠨ ᠰᠤᠷᠭᠠᠨ ᠬᠦᠮᠦᠵᠢᠭᠦᠯᠬᠦ ᠶᠢᠨ ᠲᠤᠷᠰᠢᠳᠠ ᠪᠢᠳᠡ ᠪᠠᠰᠠ ᠦᠪᠡᠷ ᠤᠨ ᠨᠡᠩ ᠣᠯᠠᠨ ᠳᠠᠪᠠᠭᠤᠯᠢᠭ ᠲᠠᠯ᠎ᠠ ᠪᠠᠨ ᠣᠯᠵᠦ ᠬᠠᠷᠠᠬᠤ ᠶᠤᠮ︕      1 ᠬᠡᠷᠪᠡ ᠲᠠᠨ ᠤ ᠬᠡᠦᠬᠡᠳ ᠴᠢᠨᠢ ᠤᠴᠢᠷ ᠪᠦᠬᠦᠨ ᠳᠤ ᠭᠤᠮᠤᠳᠠᠯ ᠲᠣᠭᠤᠴᠢᠬᠤ ᠳᠤᠷ᠎ᠠ ᠲᠠᠢ ᠪᠣᠯᠤᠭᠰᠠᠨ ᠶᠤᠮ ᠪᠣᠯ᠂ ᠡᠭᠦᠨ ᠤ ᠰᠢᠯᠲᠠᠭᠠᠨ ᠨᠢ ᠲᠠ ᠡᠩ ᠤᠨ ᠦᠶᠡᠰ ᠳᠤ ᠲᠡᠭᠦᠨ ᠠᠴᠠ ᠳᠡᠩᠳᠡᠭᠦᠦ ᠦ ᠰᠡᠪ ᠡᠷᠢᠳᠡᠭ ᠠᠴᠠ ᠪᠣᠯᠤᠭᠰᠠᠨ ᠶᠤᠮ︕      2 ᠬᠡᠷᠪᠡ ᠲᠠᠨ ᠤ ᠬᠡᠦᠬᠡᠳ ᠴᠢᠨᠢ ᠳᠠᠨᠳᠠ ᠡᠰᠡᠷᠭᠦᠴᠡᠬᠦ ᠳᠤᠷ᠎ᠠ ᠲᠠᠢ ᠪᠣᠯᠤᠭᠰᠠᠨ ᠶᠤᠮ ᠪᠣᠯ᠂ ᠡᠭᠦᠨ ᠤ ᠰᠢᠯᠲᠠᠭᠠᠨ ᠨᠢ ᠲᠠ ᠬᠡᠦᠬᠡᠳ ᠲᠡᠭᠡᠨ ᠳᠠᠶᠢᠰᠤᠨ ᠰᠢᠭ ᠬᠠᠨᠳᠤᠳᠠᠭ ᠪᠠ ᠳᠡᠩᠳᠡᠭᠦᠦ ᠠᠯᠪᠠᠳᠠᠳᠠᠭ ᠠᠴᠠ ᠪᠣᠯᠤᠭᠰᠠᠨ ᠶᠤᠮ︕      3 ᠬᠡᠷᠪᠡ ᠲᠠᠨ ᠤ ᠬᠡᠦᠬᠡᠳ ᠴᠢᠨᠢ ᠠᠰᠠᠪᠦᠷᠢ ᠴᠠᠶᠢᠯᠭᠠᠨ ᠪᠢᠰᠢ ᠪᠣᠯᠤᠭᠰᠠᠨ ᠶᠤᠮ ᠪᠣᠯ᠂ ᠡᠭᠦᠨ ᠤ ᠰᠢᠯᠲᠠᠭᠠᠨ ᠨᠢ ᠲᠠᠨ ᠤ ᠦᠷᠦᠭᠡᠯ ᠢ ᠭᠠᠳᠠᠭᠤᠷᠴᠢᠯᠠᠳᠠᠭ ᠵᠠᠩ ᠠᠴᠠ ᠨᠦᠯᠦᠭᠡ ᠠᠪᠤᠭᠰᠠᠨ ᠠᠴᠠ ᠪᠣᠯᠤᠭᠰᠠᠨ ᠶᠤᠮ︕      4 ᠬᠡᠷᠪᠡ ᠲᠠᠨ ᠤ ᠬᠡᠦᠬᠡᠳ ᠴᠢᠨᠢ ᠵᠣᠷᠢᠭ ᠦᠭᠡᠢ᠂ ᠢᠴᠢᠮᠡᠲᠡᠭᠡᠢ ᠶᠤᠮ ᠪᠣᠯ᠂ ᠡᠭᠦᠨ ᠤ ᠰᠢᠯᠲᠠᠭᠠᠨ ᠨᠢ ᠲᠠ ᠲᠡᠭᠦᠨ ᠢ ᠦᠷᠭᠦᠯᠵᠢ ᠡᠯᠡᠭ ᠪᠠᠷᠢᠵᠦ᠂ ᠬᠠᠷᠢᠶᠠᠨ ᠵᠥᠭᠡᠳᠡᠭ ᠠᠴᠠ ᠪᠣᠯᠤᠭᠰᠠᠨ ᠶᠤᠮ︕      5 ᠬᠡᠷᠪᠡ ᠲᠠᠨ ᠤ ᠬᠡᠦᠬᠡᠳ ᠴᠢᠨᠢ ᠴᠢᠮ᠎ᠠ ᠳᠤ ᠰᠡᠳᠬᠡᠯ ᠤᠨ ᠦᠭᠡ ᠪᠠᠨ ᠶᠠᠷᠢᠬᠤ ᠳᠤᠷ᠎ᠠ ᠦᠭᠡᠢ ᠪᠣᠯᠤᠭᠰᠠᠨ ᠶᠤᠮ ᠪᠣᠯ᠂ ᠡᠭᠦᠨ ᠤ ᠰᠢᠯᠲᠠᠭᠠᠨ ᠨᠢ ᠲᠠ ᠬᠡᠦᠬᠡᠳ ᠤᠨ ᠶᠠᠷᠢᠬᠤ ᠦᠭᠡᠨ ᠠᠴᠠ ᠬᠠᠭᠤᠴᠢᠨ ᠤ ᠣᠰᠤᠯ ᠪᠤᠷᠤᠭᠤ ᠶᠢ ᠎ ᠨᠢ ᠮᠠᠯᠲᠠᠳᠠᠭ ᠠᠴᠠ ᠪᠣᠯᠤᠭᠰᠠᠨ ᠶᠤᠮ︕      6 ᠬᠡᠷᠪᠡ ᠲᠠᠨ ᠤ ᠬᠡᠦᠬᠡᠳ ᠴᠢᠨᠢ ᠦᠨᠡᠨ ᠬᠤᠳᠠᠯ ᠢ ᠢᠯᠭᠠᠳᠠᠭ ᠦᠭᠡᠢ ᠶᠤᠮ ᠪᠣᠯ᠂ ᠡᠭᠦᠨ ᠤ ᠰᠢᠯᠲᠠᠭᠠᠨ ᠎ ᠨᠢ ᠲᠠ ᠳᠡᠩᠳᠡᠭᠦᠦ ᠦᠪᠡᠷ ᠤᠨ ᠦᠵᠡᠯᠲᠡᠨ ᠲᠠᠢ ᠪᠠᠶᠢᠵᠦ ᠬᠡᠦᠬᠡᠳ ᠳᠤ ᠦᠪᠡᠷ ᠢᠶᠠᠨ ᠡᠵᠡᠨ ᠪᠣᠯᠬᠤ ᠪᠠ ᠪᠣᠳᠤᠯᠬᠢᠯᠠᠬᠤ ᠵᠠᠪᠰᠢᠶᠠᠨ ᠦᠭᠳᠡᠭ ᠦᠭᠡᠢ ᠠᠴᠠ ᠪᠣᠯᠤᠭᠰᠠᠨ ᠶᠤᠮ︕      7 ᠬᠡᠷᠪᠡ ᠲᠠᠨ ᠤ ᠬᠡᠦᠬᠡᠳ ᠴᠢᠨᠢ ᠳᠡᠩᠳᠡᠭᠦᠦ ᠪᠡᠶ᠎ᠡ ᠳᠡᠭᠡᠨ ᠢᠲᠡᠭᠡᠯ ᠦᠭᠡᠢ ᠪᠠᠶᠢᠳᠠᠭ ᠶᠤᠮ ᠪᠣᠯ᠂ ᠡᠭᠦᠨ ᠎ ᠤ ᠰᠢᠯᠲᠠᠭᠠᠨ ᠨᠢ ᠲᠠ ᠬᠡᠦᠬᠡᠳ ᠳᠡᠭᠡᠨ ᠦᠷᠭᠦᠯᠵᠢ ᠢᠲᠡᠭᠡᠯ ᠠᠯᠳᠠᠵᠦ᠂ ᠵᠣᠷᠢᠭᠵᠢᠭᠤᠯᠬᠤ ᠰᠡᠳᠬᠡᠯ ᠦᠭᠡᠢ ᠠᠴᠠ ᠪᠣᠯᠤᠭᠰᠠᠨ ᠶᠤᠮ︕      8 ᠬᠡᠷᠪᠡ ᠲᠠᠨ ᠤ ᠬᠡᠦᠬᠡᠳ ᠴᠢᠨᠢ ᠠᠲᠠᠭᠠᠷᠬᠠᠬᠤ᠂ ᠳᠡᠩᠳᠡᠭᠦᠦ ᠲᠠᠭᠠᠮᠠᠭᠯᠠᠬᠤ ᠳᠤᠷ᠎ᠠ ᠲᠠᠢ᠂ ᠪᠣᠰᠤᠳ ᠳᠤ ᠰᠡᠳᠬᠡᠯ ᠢᠶᠠᠨ ᠬᠥᠷᠥᠭᠦᠯᠬᠦ ᠠᠴᠠ ᠠᠶᠤᠳᠠᠭ ᠶᠤᠮ ᠪᠣᠯ᠂ ᠡᠭᠦᠨ ᠤ ᠰᠢᠯᠲᠠᠭᠠᠨ ᠨᠢ ᠬᠡᠦᠬᠡᠳ ᠤᠨ ᠭᠡᠷ ᠪᠦᠯᠢ ᠨᠢ ᠬᠠᠯᠠᠭᠠᠤᠨ ᠳᠤᠯᠠᠭᠠᠨ᠂ ᠠᠭᠤᠴᠢᠯᠠᠯ ᠪᠠᠭᠲᠠᠭᠠᠮᠵᠢ ᠳᠤᠲᠠᠭᠰᠠᠨ ᠠᠴᠠ ᠪᠣᠯᠤᠭᠰᠠᠨ ᠶᠤᠮ︕      9 ᠬᠡᠷᠪᠡ ᠲᠠᠨ ᠤ ᠬᠡᠦᠬᠡᠳ ᠴᠢᠨᠢ ᠦᠪᠡᠷ ᠢ ᠪᠠᠨ ᠲᠣᠭᠤᠬᠤ ᠦᠭᠡᠢ ᠪᠠᠶᠢᠳᠠᠭ ᠶᠤᠮ ᠪᠣᠯ᠂ ᠡᠭᠦᠨ ᠤ ᠰᠢᠯᠲᠠᠭᠠᠨ ᠨᠢ ᠲᠠ ᠲᠡᠭᠦᠨ ᠳᠤ ᠢᠲᠡᠭᠡᠯ ᠵᠣᠷᠢᠭᠵᠢᠭᠤᠯᠤᠯ᠂ ᠬᠦᠨᠳᠦᠳᠬᠡᠯ ᠳᠤᠲᠠᠭᠰᠠᠨ ᠠᠴᠠ ᠪᠣᠯᠤᠭᠰᠠᠨ ᠶᠤᠮ︕      10 ᠬᠡᠷᠪᠡ ᠲᠠᠨ ᠤ ᠬᠡᠦᠬᠡᠳ ᠴᠢᠨᠢ ᠳᠠᠪᠰᠢᠯᠲᠠ ᠦᠭᠡᠢ᠂ ᠴᠢᠷᠮᠠᠶᠢᠬᠤ ᠦᠭᠡᠢ ᠪᠣᠯᠤᠭᠰᠠᠨ ᠶᠤᠮ ᠪᠣᠯ᠂ ᠡᠭᠦᠨ ᠤ ᠰᠢᠯᠲᠠᠭᠠᠨ ᠨᠢ ᠲᠠ ᠲᠡᠭᠦᠨ ᠳᠤ ᠬᠦᠰᠡᠯ ᠡᠷᠡᠮᠡᠯᠵᠡᠯᠡᠯ ᠳᠡᠩᠳᠡᠭᠦᠦ ᠶᠡᠭᠡ ᠪᠣᠯᠤᠭᠰᠠᠨ ᠠᠴᠠ ᠲᠡᠷᠡ ᠬᠦᠷᠴᠦ ᠴᠢᠳᠠᠬᠤ ᠦᠭᠡᠢ ᠭᠡᠵᠦ ᠠᠮᠠ ᠠᠯᠳᠠᠭᠰᠠᠨ ᠠᠴᠠ ᠪᠣᠯᠤᠭᠰᠠᠨ ᠶᠤᠮ︕      11 ᠬᠡᠷᠪᠡ ᠲᠠᠨ ᠤ ᠬᠡᠦᠬᠡᠳ ᠴᠢᠨᠢ ᠳᠡᠩᠳᠡᠭᠦᠦ ᠬᠤᠪᠢᠨᠴᠢᠷ ᠪᠣᠯᠤᠭᠰᠠᠨ ᠶᠤᠮ ᠪᠣᠯ᠂ ᠡᠭᠦᠨ ᠤ ᠰᠢᠯᠲᠠᠭᠠᠨ ᠎ ᠨᠢ ᠲᠠ ᠲᠡᠭᠦᠨ ᠢ ᠳᠡᠩᠳᠡᠭᠦᠦ ᠡᠷᠬᠢᠯᠡᠭᠦᠯᠵᠦ᠂ ᠶᠠᠭᠤ ᠠᠪᠤᠶ᠎ᠡ ᠭᠡᠪᠡᠯ ᠶᠠᠭᠤ ᠠᠪᠴᠦ ᠦᠭᠳᠡᠭ ᠠᠴᠠ ᠪᠣᠯᠤᠭᠰᠠᠨ ᠶᠤᠮ︕      12 ᠬᠡᠷᠪᠡ ᠲᠠᠨ ᠤ ᠬᠡᠦᠬᠡᠳ ᠴᠢᠨᠢ ᠠᠪᠤ ᠡᠵᠢ ᠶᠢᠨ ᠢᠶᠠᠨ ᠠᠷᠢᠭᠤᠨ ᠰᠠᠨᠠᠭ᠎ᠠ ᠶᠢ ᠣᠶᠢᠯᠭᠠᠳᠠᠭ ᠦᠭᠡᠢ ᠶᠤᠮ ᠪᠣᠯ᠂ ᠡᠭᠦᠨ ᠤ ᠰᠢᠯᠲᠠᠭᠠᠨ ᠨᠢ ᠲᠠ ᠲᠡᠭᠦᠨ ᠳᠤ ᠪᠣᠰᠤᠳ ᠢ ᠣᠶᠢᠯᠭᠠᠵᠤ ᠶᠠᠪᠤᠬᠤ ᠶᠢ ᠰᠤᠷᠭᠠᠭᠠᠭᠰᠠᠨ ᠦᠭᠡᠢ ᠠᠴᠠ ᠪᠣᠯᠤᠭᠰᠠᠨ ᠶᠤᠮ︕      13 ᠬᠡᠷᠪᠡ ᠲᠠᠨ ᠤ ᠬᠡᠦᠬᠡᠳ ᠴᠢᠨᠢ ᠬᠤᠶᠢᠰᠢ ᠤᠬᠤᠷᠢᠨ᠂ ᠵᠡᠶᠢᠯᠡᠵᠤ ᠳᠤᠲᠠᠭᠠᠳᠠᠭ ᠪᠣᠯᠤᠭᠰᠠᠨ ᠶᠤᠮ ᠪᠣᠯ᠂ ᠡᠭᠦᠨ ᠤ ᠰᠢᠯᠲᠠᠭᠠᠨ ᠨᠢ ᠲᠠᠨ ᠬᠡᠦᠬᠡᠳ ᠢ ᠬᠦᠩᠭᠡᠨ ᠢᠶᠠᠷ ᠦᠵᠡᠳᠡᠭ ᠪᠠ ᠬᠡᠦᠬᠡᠳ ᠳᠤ ᠴᠣᠬᠢᠯᠲᠠ ᠦᠭᠳᠡᠭ ᠠᠴᠠ ᠪᠣᠯᠤᠭᠰᠠᠨ ᠶᠤᠮ︕      14 ᠬᠡᠷᠪᠡ ᠲᠠᠨ ᠤ ᠬᠡᠦᠬᠡᠳ ᠴᠢᠨᠢ ᠲᠠᠨ ᠢ ᠨᠠᠶᠢᠳᠠᠬᠤ ᠳᠤᠷᠠᠲᠡᠢ ᠪᠣᠯᠤᠭᠰᠠᠨ ᠶᠤᠮ ᠪᠣᠯ᠂ ᠡᠭᠦᠨ ᠤ ᠰᠢᠯᠲᠠᠭᠠᠨ ᠨᠢ ᠲᠠ ᠦᠷᠭᠦᠯᠵᠢ ᠬᠡᠦᠬᠡᠳ ᠤᠨ ᠡᠮᠦᠨ᠎ᠡ ᠠᠴᠠ ᠤᠴᠢᠷ ᠶᠠᠪᠤᠳᠠᠯ ᠢ ᠬᠢᠬᠦ ᠪᠠ ᠬᠡᠦᠬᠡᠳ ᠤᠨ ᠡᠮᠦᠨ᠎ᠡ ᠠᠴᠠ ᠰᠤᠩᠭᠤᠯᠲᠠ ᠪᠦᠬᠦᠨ ᠳᠤ ᠲᠠᠨ ᠤ ᠰᠠᠨᠠᠭ᠎ᠠ ᠪᠠᠷ ᠪᠣᠯᠭᠠᠳᠠᠭ ᠠᠴᠠ ᠪᠣᠯᠤᠭᠰᠠᠨ ᠶᠤᠮ︕      15 ᠬᠡᠷᠪᠡ ᠲᠠ ᠬᠡᠦᠬᠡᠳ ᠲᠡᠭᠡᠨ ᠬᠠᠮᠢᠶᠠᠷᠠᠭᠳᠠᠬᠤ ᠪᠣᠯᠤᠭᠰᠠᠨ ᠶᠤᠮ ᠪᠣᠯ᠂ ᠡᠭᠦᠨ ᠤ ᠰᠢᠯᠲᠠᠭᠠᠨ ᠨᠢ ᠲᠠ ᠬᠡᠦᠬᠡᠳ ᠢᠶᠠᠨ ᠴᠢᠩᠭ᠎ᠠ ᠬᠠᠲᠠᠭᠤ ᠪᠠᠷ ᠰᠤᠷᠭᠠᠬᠤ ᠠᠴᠠ ᠬᠢᠴᠢᠶᠡᠵᠦ ᠳᠠᠨᠳᠠ ᠬᠡᠦᠬᠡᠳ ᠲᠡᠭᠡᠨ ᠭᠤᠶᠤᠳᠠᠭ ᠠᠴᠠ ᠪᠣᠯᠤᠭᠰᠠᠨ ᠶᠤᠮ︕      16 ᠬᠡᠷᠪᠡ ᠲᠠᠨ ᠤ ᠬᠡᠦᠬᠡᠳ ᠴᠢᠨᠢ ᠬᠤᠳᠠᠯ ᠬᠡᠯᠡᠵᠦ ᠬᠦᠮᠦᠨ ᠮᠡᠬᠡᠯᠡᠳᠡᠭ ᠪᠣᠯᠤᠭᠰᠠᠨ ᠶᠤᠮ ᠪᠣᠯ᠂ ᠡᠭᠦᠨ ᠎ ᠤ ᠰᠢᠯᠲᠠᠭᠠᠨ ᠨᠢ ᠲᠠ ᠬᠡᠦᠬᠡᠳ ᠤᠨ ᠣᠰᠤᠯ ᠪᠤᠷᠤᠭᠤ ᠶᠢ ᠠᠭᠤᠴᠢᠯᠠᠳᠠᠭ ᠦᠭᠡᠢ᠂ ᠬᠡᠦᠬᠡᠳ ᠢ ᠶᠠᠯᠠᠳᠠᠬᠤ ᠳᠤᠷ᠎ᠠ ᠎ ᠲᠠᠢ ᠠᠴᠠ ᠪᠣᠯᠤᠭᠰᠠᠨ ᠶᠤᠮ︕      17 ᠬᠡᠷᠪᠡ ᠲᠠᠨ ᠤ ᠬᠡᠦᠬᠡᠳ ᠴᠢᠨᠢ ᠬᠦᠢᠲᠡᠮᠰᠦᠭ᠂ ᠪᠣᠰᠤᠳ ᠢ ᠬᠤᠣᠷᠯᠠᠳᠠᠭ ᠪᠣᠯᠤᠭᠰᠠᠨ ᠶᠤᠮ ᠪᠣᠯ᠂ ᠡᠭᠦᠨ ᠤ ᠰᠢᠯᠲᠠᠭᠠᠨ ᠨᠢ ᠲᠠ ᠲᠡᠭᠦᠨ ᠢ ᠳᠠᠨᠳᠠ ᠠᠭᠤᠷ ᠢ ᠨᠢ ᠬᠦᠷᠭᠡᠬᠦ ᠪᠠ ᠬᠦᠢᠲᠡᠮᠰᠦᠭ ᠢᠶᠠᠷ ᠬᠠᠨᠳᠤᠳᠠᠭ ᠠᠴᠠ ᠪᠣᠯᠤᠭᠰᠠᠨ ᠶᠤᠮ︕      18 ᠬᠡᠷᠪᠡ ᠲᠠᠨ ᠤ ᠬᠡᠦᠬᠡᠳ ᠴᠢᠨᠢ ᠵᠣᠳᠤᠭᠠᠨ ᠵᠢᠭᠤᠷᠠᠭᠠᠨ ᠳᠤ ᠣᠷᠤᠯᠴᠠᠳᠠᠭ ᠪᠣᠯᠤᠭᠰᠠᠨ ᠶᠤᠮ ᠪᠣᠯ᠂ ᠡᠭᠦᠨ ᠤ ᠰᠢᠯᠲᠠᠭᠠᠨ ᠨᠢ ᠡᠩ ᠤᠨ ᠴᠠᠭ ᠲᠠᠭᠠᠨ ᠬᠡᠦᠬᠡᠳ ᠢᠶᠠᠨ ᠰᠤᠷᠭᠠᠬᠤ ᠠᠷᠭ᠎ᠠ ᠪᠠᠷᠢᠯ ᠳᠤ ᠲᠠ ᠬᠡᠦᠬᠡᠳ ᠢᠶᠠᠨ ᠦᠷᠭᠦᠯᠵᠢ ᠴᠣᠬᠢᠵᠦ ᠵᠣᠳᠤᠳᠠᠭ ᠠᠴᠠ ᠪᠣᠯᠤᠭᠰᠠᠨ ᠶᠤᠮ︕      19 ᠬᠡᠷᠪᠡ ᠲᠠᠨ ᠤ ᠬᠡᠦᠬᠡᠳ ᠴᠢᠨᠢ ᠦᠷᠭᠦᠯᠵᠢ ᠪᠣᠰᠤᠳ ᠢ ᠬᠢᠯᠢᠰᠳᠡᠭᠦᠯᠳᠡᠭ ᠪᠣᠯᠤᠭᠰᠠᠨ ᠶᠤᠮ ᠪᠣᠯ ᠡᠭᠦᠨ ᠎ ᠤ ᠰᠢᠯᠲᠠᠭᠠᠨ ᠨᠢ ᠡᠩ ᠤᠨ ᠴᠠᠭ ᠲᠠᠭᠠᠨ ᠲᠠ ᠬᠡᠦᠬᠡᠳ ᠢᠶᠠᠨ ᠳᠡᠩᠳᠡᠭᠦᠦ ᠵᠢᠮᠡᠯᠡᠨ ᠪᠤᠷᠤᠭᠠᠰᠢᠶᠠᠳᠠᠭ ᠠᠴᠠ ᠪᠣᠯᠤᠭᠰᠠᠨ ᠶᠤᠮ︕      ᠬᠡᠷᠪᠡ ᠳᠡᠭᠡᠷ᠎ᠡ ᠳᠤᠷᠠᠳᠤᠭᠰᠠᠨ ᠵᠦᠢᠯ ᠠᠴᠠ ᠭᠤᠷᠪᠠ ᠪᠠᠶᠢᠬᠤ ᠳᠤ ᠬᠦᠷᠪᠡᠯ ᠲᠠᠨ ᠤ ᠭᠡᠷ ᠪᠦᠯᠢ ᠶᠢᠨ ᠬᠡᠦᠬᠡᠳ ᠢᠶᠠᠨ ᠰᠤᠷᠭᠠᠬᠤ ᠠᠷᠭ᠎ᠠ ᠪᠠᠷᠢᠯ ᠴᠢᠨᠢ ᠳᠡᠳ᠋ ᠳᠡᠰ ᠳᠤ ᠲᠣᠭᠠᠴᠢᠭᠳᠠᠵᠤ᠂ ᠬᠡᠷᠪᠡ ᠳᠦᠷᠪᠠ ᠪᠠᠶᠢᠬᠤ ᠳᠤ ᠬᠦᠷᠪᠡᠯ ᠬᠡᠦᠬᠡᠳ ᠢᠶᠠᠨ ᠰᠤᠷᠭᠠᠨ ᠬᠦᠮᠦᠵᠢᠭᠦᠯᠬᠦ ᠠᠷᠭ᠎ᠠ ᠪᠠᠷᠢᠯ ᠢᠶᠠᠨ ᠬᠤᠪᠢᠷᠠᠭᠤᠯᠬᠤ ᠴᠢᠬᠤᠯᠠ ᠲᠠᠢ ᠪᠣᠯᠤᠭᠰᠠᠨ ᠢ ᠰᠠᠨᠠᠭᠤᠯᠤᠶ᠎ᠠ︕            ᠶᠠᠮᠠᠷ ᠴᠦ ᠬᠡᠦᠬᠡᠳ ᠭᠡᠰᠡᠨ ᠦᠭᠡᠢ ᠪᠦᠷ ᠯᠡ ᠠᠪᠤ ᠡᠵᠢ ᠶᠢᠨ ᠢᠶᠠᠨ ᠠᠯᠢ ᠨᠢᠭᠡ ᠣᠨᠴᠠᠯᠢᠭ ᠢ ᠨᠢ ᠳᠠᠭᠤᠷᠢᠶᠠᠨ ᠦᠰᠦᠨ ᠪᠣᠶᠢᠵᠢᠳᠠᠭ ᠶᠤᠮ︕ ᠬᠡᠷᠪᠡ ᠬᠡᠦᠬᠡᠳ ᠤᠨ ᠦᠰᠦᠨ ᠪᠣᠯᠵᠢᠯᠲᠠ ᠶᠢᠨ ᠳᠤᠮᠳᠠ ᠠᠪᠤ ᠡᠵᠢ ᠪᠣᠯᠤᠭᠰᠠᠳ ᠬᠡᠦᠬᠡᠳ ᠢᠶᠠᠨ ᠰᠤᠷᠭᠠᠨ ᠬᠦᠮᠦᠵᠢᠭᠦᠯᠬᠦ ᠠᠴᠠ ᠡᠮᠦᠨ᠎ᠡ ᠦᠪᠡᠷ ᠤᠨ ᠪᠡᠶ᠎ᠡ ᠳᠡᠭᠡᠨ ᠰᠠᠶᠢᠨ ᠰᠠᠶᠢᠬᠠᠨ ᠵᠠᠩ ᠵᠠᠩᠰᠢᠯ ᠢ ᠪᠣᠢ ᠪᠣᠯᠭᠠᠬᠤ ᠴᠢᠬᠤᠯᠠ ᠲᠠᠢ ᠪᠠᠶᠢᠳᠠᠭ ᠶᠤᠮ︕ ᠲᠡᠶᠢᠮᠦ ᠪᠢᠰᠢ ᠶᠤᠮ ᠪᠣᠯ ᠬᠡᠦᠬᠡᠳ ᠴᠢᠨᠢ ᠴᠢᠨᠦ ᠮᠠᠭᠤ ᠮᠠᠭᠤᠬᠠᠢ ᠵᠠᠩ ᠳᠠᠳᠬᠠᠯ ᠢ ᠳᠠᠭᠤᠷᠢᠶᠠᠨ ᠦᠰᠦᠨ ᠪᠣᠶᠢᠵᠢᠳᠠᠭ᠂ ᠵᠢᠱᠢᠶᠠᠯᠡᠭᠠᠳ ᠶᠠᠷᠢᠪᠠᠯ᠂ ᠠᠪᠤ ᠡᠵᠢ ᠶᠢᠨ ᠬᠢᠨ ᠠᠯᠢ ᠨᠢᠭᠡ ᠨᠢ ᠬᠦᠮᠦᠨ ᠳᠤ ᠬᠤᠩᠰᠢᠶᠠᠷ ᠵᠦᠭᠡᠭᠡᠬᠦ ᠮᠠᠭᠤᠬᠠᠢ ᠵᠠᠩᠰᠢᠯ ᠲᠠᠢ ᠶᠤᠮ ᠪᠣᠯ ᠬᠡᠦᠬᠡᠳ ᠤᠨ ᠦᠰᠦᠨ ᠪᠣᠶᠢᠵᠢᠯᠲᠠ ᠳᠤ ᠨᠦᠯᠦᠭᠡ ᠪᠣᠯᠵᠦ ᠬᠡᠦᠬᠡᠳ ᠨᠢ ᠴᠦ ᠡᠶᠢᠮᠦᠷᠬᠦ ᠮᠠᠭᠤ ᠮᠠᠭᠤᠬᠠᠢ ᠵᠠᠩᠰᠢᠯ ᠲᠠᠢ ᠪᠣᠯᠳᠠᠭ ᠶᠤᠮ︕      
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号