| ᠨᠢ᠊ · ᠨᠠᠷᠠᠨᠲᠣᠭᠲᠠᠬᠤ | | ᠬᠠᠳᠠᠨ ᠳᠤ ᠪᠢᠲᠡᠭᠦᠷᠡᠭᠰᠡᠨ ᠢᠮᠠᠭ᠎ᠠ ᠶᠢ ᠭᠠᠷᠭᠠᠳᠠᠭ ᠬᠥᠮᠥᠨ ᠡᠷᠢᠭᠡᠳ ᠣᠯᠳᠠᠬᠤ ᠦᠭᠡᠢ ᠲᠤᠯᠤᠭᠠᠨ | ᠡᠳᠦᠷ ᠪᠤᠯᠬᠤ ᠳᠤ ᠬᠤᠷᠯᠣ ᠬᠥᠭᠰᠢᠨ ᠬᠦᠦ ᠪᠠᠨ ᠬᠦᠴᠦᠷᠡᠵᠦ᠂ ᠬᠤᠰᠢᠭᠤᠨ ᠠᠴᠠ ᠠᠭᠤᠯᠠ ᠠᠪᠠᠷᠢᠳᠠᠭ ᠲᠤᠰᠬᠠᠢ | ᠮᠡᠷᠭᠡᠵᠢᠯᠲᠡᠨ ᠭᠡᠬᠦ ᠭᠤᠷᠪᠠᠨ ᠬᠥᠮᠥᠨ ᠢ ᠳᠠᠭᠤᠳᠠᠭᠤᠯᠵᠠᠢ᠃ ᠬᠥᠯᠥᠰᠦ ᠨᠢ ᠨᠢᠭᠡ ᠬᠥᠮᠥᠨ ᠤ ᠨᠢᠭᠡ ᠮᠢᠩᠭ᠎ᠠ᠃ | ᠨᠠᠭᠠᠲᠤ ᠵᠠᠬ᠎ᠠ ᠳᠠᠭᠠᠨ ᠭᠤᠷᠪᠠᠨ ᠬᠥᠮᠥᠨ ᠪᠠᠶᠢᠬᠤ ᠬᠡᠷᠡᠭᠲᠡᠢ ᠶᠤᠮ ᠭᠡᠨ᠎ᠡ᠃ ᠭᠠᠷᠠᠭ ᠤᠨ ᠡᠮᠦᠨ᠎ᠡ ᠠᠴᠠ ᠬᠥᠮᠥᠨ | ᠡᠷᠢᠭᠡᠳ ᠴᠥᠬᠦᠬᠦ ᠳᠡᠭᠡᠨ ᠢᠩᠭᠢᠬᠦ ᠯᠠ ᠬᠡᠷᠡᠭᠲᠡᠢ ᠪᠣᠯᠵᠠᠢ᠃ ᠬᠤᠷᠯᠣ ᠬᠥᠭᠰᠢᠨ ᠬᠦᠦ ᠲᠠᠢ ᠪᠠᠨ ᠭᠤᠷᠪᠠᠨ ᠮᠢᠩᠭᠠᠨ | ᠲᠥᠭᠦᠷᠢᠭ ᠤᠨ ᠬᠥᠯᠥᠰᠦᠨ ᠮᠥᠩᠭᠦᠨ ᠳᠤ ᠰᠠᠨᠠᠯ ᠨᠢᠭᠡᠳᠬᠦ ᠦᠭᠡᠢ ᠬᠡᠳᠦᠨ ᠡᠳᠦᠷ ᠪᠣᠯᠵᠠᠢ᠃ | - ᠲᠡᠷᠡ ᠬᠤᠶᠠᠷ ᠠᠮᠢᠳᠠᠨ ᠴᠢᠨᠢ ᠭᠤᠷᠪᠠᠨ ᠮᠢᠩᠭ᠎ᠠ ᠭᠡᠬᠦ ᠴᠣᠬᠤᠷ ᠴᠠᠭᠠᠰᠤ ᠲᠠᠢ ᠠᠳᠠᠯᠢ ᠪᠠᠶᠢᠬᠤ | ᠦᠭᠡᠢ᠃ ᠠᠮᠢ ᠲᠠᠢ ᠭᠤᠣᠯ ᠲᠠᠢ ᠠᠮᠢᠳᠠᠨ ᠪᠠᠶᠢᠨ᠎ᠠ᠃ ᠲᠠᠯᠠᠭᠠᠢ ᠴᠠᠭᠠᠨ ᠤ ᠰᠠᠶᠢᠨ ᠢ ᠴᠢ ᠴᠠᠰᠤ ᠵᠤᠳ | ᠪᠣᠯᠣᠭᠰᠠᠭᠠᠷ ᠯᠠ ᠮᠡᠳᠡᠨ᠎ᠡ᠃ ᠭᠦᠷ ᠴᠠᠰᠤ ᠶᠡᠬᠡᠲᠡᠢ ᠭᠠᠵᠠᠷ ᠮᠥᠷ ᠭᠠᠷᠭᠠᠵᠤ᠂ ᠵᠠᠮ ᠳᠠᠭᠠᠭᠤᠯᠳᠠᠭ ᠮᠠᠯ᠃ ᠦᠶᠡᠷ | ᠪᠣᠷᠣᠭᠠᠨ ᠡᠯᠪᠡᠭ ᠴᠠᠭ ᠡᠶᠢᠮᠦ ᠮᠠᠯ ᠴᠢᠨᠢ ᠪᠤᠰᠤᠳ ᠲᠠᠢ ᠪᠠᠨ ᠠᠳᠠᠯᠢ ᠪᠠᠷ ᠭᠤᠣᠯ ᠤᠨ ᠡᠷᠭᠢᠨ ᠳᠤ ᠰᠢᠷᠭᠤᠭᠠᠳ᠂ | ᠦᠶᠡᠷ ᠤᠨ ᠤᠰᠤ ᠢᠷᠡᠵᠤ ᠬᠥᠭᠡᠭᠡᠭᠡᠳ ᠶᠠᠪᠤᠬᠤ ᠶᠢ ᠨᠢ ᠬᠦᠯᠢᠶᠡᠬᠦ ᠠᠮᠢᠳᠠᠨ ᠪᠢᠰᠢ᠃ ᠭᠠᠵᠠᠷ ᠤᠨ ᠥᠨᠳᠥᠷ ᠪᠠᠷᠢᠨ | ᠂ ᠬᠠᠳᠠᠨ ᠠᠭᠤᠢ ᠡᠷᠢᠭᠡᠳ ᠳᠠᠪᠬᠢᠬᠤ ᠰᠡᠷᠭᠦᠯᠡᠩ ᠠᠮᠢᠳᠠᠨ᠃ ᠲᠠᠯᠠᠭᠠᠢ ᠴᠠᠭᠠᠨ ᠴᠢᠨᠢ ᠡ᠊ᠩ ᠤᠨ ᠮᠠᠯ ᠪᠢᠰᠢ᠃ ᠴᠢ | ᠬᠠᠷᠠᠵᠤ ᠪᠠᠢ᠃ ᠨᠢᠭᠡ ᠬᠤᠲᠠᠨ ᠮᠠᠯ ᠢ ᠴᠢᠨᠢ ᠠᠶᠤᠯ ᠠᠴᠠ ᠠᠪᠤᠷᠠᠴᠢᠬᠠᠭᠰᠠᠨ ᠪᠠᠶᠢᠵᠤ ᠮᠡᠳᠡᠨ᠎ᠡ ᠭᠡᠵᠦ ᠪᠠᠶᠢᠮᠠᠨ | ᠰᠠᠶ᠋ᠢ ᠬᠤᠶᠠᠷ ᠢᠮᠠᠭᠠᠨ ᠤ ᠬᠥᠯᠥᠰᠦ ᠨᠢ ᠭᠤᠷᠪᠠᠨ ᠮᠢᠩᠭ᠎ᠠ ᠭᠡᠵᠦ ᠪᠠᠶᠢᠳᠠᠭ ᠳᠡᠩᠳᠡᠭᠦᠦ ᠴᠦ ᠳ᠋ᠠ ᠭᠡᠬᠦ | ᠬᠦᠦ ᠶᠢᠨ ᠢᠶᠠᠨ ᠪᠤᠳᠤᠯ ᠢ ᠨᠢ ᠠᠷᠠᠢ ᠬᠡᠮᠡᠨ ᠡᠷᠭᠢᠭᠦᠯᠵᠦ ᠠᠪᠤᠭᠰᠠᠨ ᠪᠠᠶᠢᠪᠠ᠃ ᠲᠤᠯᠤᠭᠠᠨ ᠡᠳᠦᠷ ᠤᠨ ᠡᠮᠦᠨᠡᠬᠢ | ᠨᠢᠭᠡᠨ ᠪᠦᠷᠦᠢ ᠪᠠᠷ ᠬᠦᠦ ᠨᠢ᠄ | - ᠡᠨᠡ ᠲᠠᠯᠠᠭᠠᠢ ᠴᠠᠭᠠᠨ ᠬᠡᠲᠦᠷᠡᠵᠦ ᠪᠠᠶᠢᠨ᠎ᠠ᠃ ᠨᠢᠭᠡ ᠨᠥᠬᠦᠳ ᠳᠠᠭᠠᠭᠤᠯᠤᠭᠠᠳ ᠪᠠᠷᠠᠭᠤᠨ | ᠥᠨᠳᠥᠷ ᠲᠤ ᠭᠠᠷᠴᠢᠬᠠᠭᠠᠳ ᠪᠠᠭᠤᠵᠤ ᠢᠷᠡᠭᠰᠡᠨ ᠦᠭᠡᠢ᠃ ᠤᠳᠤ ᠴᠦ ᠨᠢᠭᠡᠮᠦᠰᠦᠨ ᠠᠮᠠᠷᠠᠬᠤ ᠰᠢᠭ᠋ ᠪᠣᠯᠣᠯ᠎ᠠ᠃ | ᠲᠠᠭᠠᠲᠠᠶᠢᠬᠠᠨ ᠬᠡᠪᠲᠡᠭᠡᠳ ᠠᠪᠴᠠᠢ ᠭᠡᠳ ᠣᠷᠣᠵᠤ ᠢᠷᠡᠭᠰᠡᠨ ᠪᠠᠶᠢᠪᠠ᠃ | ᠮᠠᠷᠭᠠᠰᠢ ᠨᠢ ᠬᠤᠷᠯᠣ ᠬᠥᠭᠰᠢᠨ ᠡᠷᠲᠡᠯᠡᠨ ᠪᠣᠰᠣᠭᠠᠳ ᠪᠠᠷᠠᠭᠤᠨ ᠠᠰᠬ᠎ᠠ ᠥᠭᠡᠳᠡ | ᠰᠠᠷᠠᠪᠴᠢᠯᠠᠬᠤ ᠳᠤ ᠬᠤᠶᠠᠷ ᠰᠡᠷᠭᠡ ᠨᠢ ᠪᠢᠲᠡᠭᠦᠷᠡᠴᠢᠬᠡᠭᠰᠡᠨ ᠪᠠᠶᠢᠵᠠᠢ᠃ | - ᠶᠠᠮᠠᠷ ᠦᠬᠦᠭᠰᠡᠨ ᠬᠤᠶᠢᠨ᠎ᠠ ᠪᠠᠨ᠂ ᠪᠢᠲᠡᠭᠦᠷᠡᠴᠢᠬᠡᠭᠰᠡᠨ ᠪᠠᠶᠢᠬᠤ ᠰᠢᠭ᠋᠃ ᠰᠢᠵᠢᠷᠭᠦᠤ ᠬᠤᠷᠳᠤᠨ | ᠪᠣᠰ ᠬᠡᠮᠡᠨ ᠴᠢᠮᠡᠭᠡ ᠥᠭᠴᠢᠬᠡᠭᠡᠳ᠂ ᠬᠤᠶᠢᠲᠤ ᠠᠰᠬ᠎ᠠ ᠶᠢᠨ ᠢᠶᠠᠨ ᠪᠢᠲᠡᠭᠦᠦ ᠥᠭᠡᠳᠡ ᠪᠠᠰᠠ ᠨᠢᠭᠡ ᠨᠢᠳᠦ | ᠬᠠᠶᠠᠴᠢᠬᠠᠭᠠᠳ ᠭᠡᠳᠡᠷᠭᠦ ᠡᠷᠭᠢᠵᠡᠢ᠃ | ᠠᠭᠤᠯᠠᠨ ᠭᠠᠵᠠᠷ ᠣᠷᠣᠢ ᠨᠣᠭᠤᠭᠠᠯᠠᠵᠤ᠂ ᠣᠷᠣᠢ ᠰᠥᠯ ᠬᠤᠷᠢᠶᠠᠳᠠᠭ ᠪᠣᠯᠬᠤᠷ ᠨᠠᠮᠤᠷ ᠤᠨ | ᠰᠡᠭᠦᠯᠴᠢ ᠪᠠᠷ ᠰᠥᠯ ᠬᠥᠭᠡᠭᠡᠭᠰᠡᠨ ᠢᠮᠠᠭ᠎ᠠ ᠪᠢᠲᠡᠭᠦᠷᠡᠬᠦ ᠦᠭᠡᠢ ᠪᠣᠯ ᠬᠠᠪᠤᠷ ᠨᠣᠭᠤᠭᠠᠯᠠᠬᠤ ᠠᠴᠠ ᠡᠮᠦᠨ᠎ᠡ ᠬᠠᠳᠠᠨ | ᠵᠠᠪᠰᠠᠷ ᠨᠢᠭᠤᠭᠳᠠᠨ ᠬᠤᠴᠣᠷᠤᠭᠰᠠᠨ ᠪᠤᠲᠠᠨ ᠤ ᠬᠤᠭ ᠳᠣᠯᠢᠶᠠᠬᠤ ᠭᠡᠵᠦ ᠶᠠᠪᠤᠭᠠᠳ ᠢᠮᠠᠭ᠎ᠠ ᠪᠢᠲᠡᠭᠦᠷᠡᠬᠦ ᠠᠬᠤᠢ | ᠭᠠᠷᠳᠠᠭ᠃ ᠡᠨᠡ ᠨᠤᠲᠤᠭ ᠲᠤ ᠥᠨᠥ ᠬᠤᠷᠯᠣ ᠶᠢᠨ ᠡᠪᠦᠯᠵᠢᠵᠦ ᠪᠠᠶᠢᠭ᠎ᠠ ᠪᠤᠭᠤᠮ ᠤᠨ ᠮᠤᠬᠤᠷ ᠤᠨ ᠬᠤᠶᠠᠷ | ᠪᠢᠲᠡᠭᠦᠦ ᠠᠴᠠ ᠭᠠᠳᠠᠨ᠎ᠠ᠂ ᠤᠭᠤᠯᠢᠳᠤ ᠶᠢᠨ ᠡᠬᠢ᠂ ᠪᠣᠭᠳᠠ ᠶᠢᠨ ᠡ᠊ᠩᠭᠡᠷ᠂ ᠬᠡᠷᠡᠮ ᠬᠠᠳᠠ᠂ ᠶᠡᠭᠡ ᠬᠠᠪᠴᠢᠯ᠂ | ᠵᠢᠩᠭᠢᠯ ᠤᠨ ᠬᠠᠪᠴᠢᠯ᠂ ᠶᠣᠯᠣ ᠶᠢᠨ ᠬᠠᠪᠴᠢᠯ ᠭᠡᠳ ᠢᠮᠠᠭ᠎ᠠ ᠪᠢᠲᠡᠭᠦᠷᠡᠳᠡᠭ ᠭᠠᠵᠠᠷ ᠪᠢᠰᠢᠭᠦᠢ ᠪᠤᠢ᠃ ᠶᠠᠩᠭᠢᠷ | ᠰᠢᠭ᠋ ᠬᠠᠳᠠᠴᠢ ᠡᠪᠦᠭᠡᠨ ᠨᠢ ᠥᠪᠡᠷ ᠤᠨ ᠬᠤᠲᠠᠨ ᠤ ᠪᠢᠲᠡᠭᠦᠷᠡᠭᠰᠡᠨ ᠢᠮᠠᠭ᠎ᠠ ᠶᠢ ᠤᠯᠠᠨ ᠤᠳᠠᠭ᠎ᠠ ᠠᠪᠤᠷᠠᠨ | ᠭᠠᠷᠭᠠᠵᠤ ᠪᠠᠶᠢᠭᠰᠠᠨ ᠪᠥᠭᠡᠳ ᠬᠤᠯᠠ ᠣᠶᠢᠷ᠎ᠠ ᠶᠢᠨ ᠠᠶᠢᠯ ᠠᠮᠢᠳᠠᠨ ᠳᠤ ᠵᠠᠯᠠᠭᠳᠠᠨ᠂ ᠨᠠᠶᠢᠳᠠ ᠶᠢᠨ ᠬᠤᠪᠢ ᠶᠢᠨ | ᠲᠤᠭ᠎ᠠ ᠲᠣᠮᠰᠢ ᠦᠭᠡᠢ ᠤᠯᠠᠨ ᠮᠠᠯ ᠤᠨ ᠠᠮᠢᠨ ᠳᠤᠨᠢ ᠬᠦᠷᠴᠦ ᠪᠠᠶᠢᠵᠠᠢ᠃ ᠬᠤᠷᠯᠣ ᠬᠥᠭᠰᠢᠨ ᠭᠡᠳᠡᠷᠭᠦ | ᠡᠷᠭᠢᠬᠦ ᠳᠡᠭᠡᠨ ᠥᠪᠡᠷ ᠢ ᠨᠢ ᠤᠷᠭᠢᠭᠠᠳ ᠲᠠᠪᠤᠨ ᠵᠢᠯ ᠤᠨ ᠨᠢᠭᠤᠷ ᠦᠵᠡᠵᠦ ᠪᠠᠶᠢᠭ᠎ᠠ ᠡᠪᠦᠭᠡᠨ ᠢᠶᠠᠨ ᠰᠠᠨᠠᠭᠠᠳ᠄ | - ᠡᠪᠦᠭᠡᠨ ᠮᠢᠨᠢ ᠪᠠᠶᠢᠭᠰᠠᠨ ᠭᠡᠯᠡ ᠨᠢ ᠬᠡᠮᠡᠨ ᠥᠪᠡᠷ ᠤᠨ ᠡᠷᠬᠡ ᠦᠭᠡᠢ ᠠᠮᠠᠨ ᠳᠠᠭᠠᠨ ᠥᠭᠦᠯᠡᠭᠡᠳ | ᠠᠪᠤᠭᠰᠠᠨ ᠪᠠᠶᠢᠪᠠ᠃ | ᠴᠢᠮᠡᠭᠡ ᠠᠪᠤᠭᠰᠠᠨ ᠬᠦᠦ ᠨᠢ ᠬᠤᠪᠴᠠᠯᠠᠵᠤ ᠪᠠᠶᠢᠪᠠ᠃ | - ᠲᠠᠯᠠᠭᠠᠢ ᠴᠠᠭᠠᠨ ᠤ ᠯᠠ ᠬᠢᠭᠰᠡᠨ ᠬᠡᠷᠡᠭ᠃ ᠡᠵᠢ ᠯᠠ ᠬᠠᠶᠢᠷᠠᠯᠠᠭᠠᠳ᠃ ᠦᠭᠡᠢ ᠪᠣᠯ ᠪᠢ ᠠᠯᠢ | ᠬᠡᠳᠦᠶᠢᠨᠡᠢ ᠲᠠᠯᠳᠠ ᠣᠷᠣᠭᠤᠯᠴᠢᠬᠠᠭᠰᠠᠨ᠃ | - ᠴᠢ ᠶᠠᠭᠤ ᠬᠡᠯᠡᠭᠡᠳ ᠪᠠᠶᠢᠨ᠎ᠠ ᠪᠤᠢ᠃ ᠬᠤᠳᠠ ᠰᠦᠷᠤᠭ᠌ ᠤᠨ ᠲᠦᠷᠤᠭᠦᠤ ᠨᠢᠷᠤᠭᠤ ᠭᠡᠬᠦ ᠮᠠᠯ | ᠪᠠᠶᠢᠳᠠᠭ ᠶᠤᠮ᠃ ᠬᠤᠳᠠ ᠰᠦᠷᠤᠭ᠌ ᠤᠨ ᠢᠶᠠᠨ ᠥᠩᠭᠡ ᠲᠠᠯ᠎ᠠ ᠪᠣᠯᠤᠭᠰᠠᠨ ᠮᠠᠯ ᠢ ᠶᠡᠷᠦ ᠨᠢ ᠰᠡᠲᠡᠷᠯᠡᠬᠦ ᠶᠣᠰᠣᠲᠠᠢ | ᠪᠠᠶᠢᠳᠠᠭ᠃ ᠬᠤᠲᠠᠨ ᠤ ᠳᠤᠮᠳᠠ ᠬᠤᠨᠣᠳᠠᠭ ᠦᠭᠡᠢ᠂ ᠰᠦᠷᠤᠭ᠌ ᠤᠨ ᠳᠤᠮᠳᠠ ᠢᠳᠡᠰᠢᠯᠡᠳᠡᠭ ᠦᠭᠡᠢ ᠲᠡᠶᠢᠮᠤ | ᠬᠡᠶᠢᠮᠣᠷᠢ ᠲᠠᠢ ᠠᠮᠢᠳᠠᠨ ᠢ ᠴᠢ ᠶᠠᠭᠠᠬᠢᠵᠤ ᠴᠠᠭᠠᠰᠢ ᠬᠠᠨᠳᠤᠭᠤᠯᠬᠤ ᠶᠤᠮ ᠪᠤᠢ᠃ | - ᠲᠡᠷᠡ ᠥᠭᠡᠳᠡ ᠪᠢ ᠯᠠ ᠮᠠᠴᠤᠵᠤ ᠲᠡᠶᠢᠯᠭᠦ ᠦᠭᠡᠢ᠃ | - ᠴᠢᠮᠠᠶᠢ ᠮᠠᠴᠤ ᠭᠡᠵᠦ ᠦᠭᠡᠢ᠃ ᠪᠢ ᠴᠢᠮᠠᠶᠢ ᠮᠠᠴᠤᠭᠤᠯᠬᠤ ᠴᠦ ᠦᠭᠡᠢ᠃ ᠬᠥᠮᠥᠨ ᠠᠮᠢᠳᠠᠨ | ᠬᠠᠶᠢᠬᠤ ᠦᠭᠡᠢ ᠤᠤ︕ ᠡᠨᠡ ᠭᠤᠣᠯ ᠳᠤ ᠪᠠᠶᠢᠬᠤ ᠦᠭᠡᠢ ᠪᠣᠯ ᠠᠷᠤ ᠭᠤᠣᠯ ᠪᠠᠶᠢᠨ᠎ᠠ᠃ ᠡᠮᠦᠨ᠎ᠡ ᠭᠤᠣᠯ ᠪᠠᠶᠢᠨ᠎ᠠ | ᠃ ᠢᠷᠸ᠎ᠠ ᠪᠢᠰᠢ᠃ ᠠᠷᠠᠢ ᠴᠦ ᠱᠠᠯᠠ ᠳᠡᠭᠡᠷ᠎ᠡ ᠰᠠᠭᠤᠯᠭᠠᠴᠢᠬᠠᠬᠤ ᠦᠭᠡᠢ ᠪᠠᠶᠢᠯᠭᠦᠢ᠃ | ᠴᠠᠢ ᠪᠠᠨ ᠤᠤᠭᠤᠵᠤ ᠠᠪᠤᠭᠠᠳ᠂ ᠮᠠᠯ ᠢᠶᠠᠨ ᠪᠡᠯᠴᠢᠭᠡᠬᠦ ᠪᠤᠯᠳᠠᠯ᠎ᠠ ᠤᠬᠳᠤ ᠨᠢᠭᠡ ᠣᠷᠣᠨ ᠠᠴᠠ ᠪᠠᠨ | ᠬᠥᠳᠡᠯᠬᠦ ᠶᠠᠩᠵᠤ ᠦᠭᠡᠢ ᠪᠠᠶᠢᠬᠤ ᠪᠠᠷ ᠨᠢ ᠬᠤᠷᠯᠣ ᠬᠥᠭᠰᠢᠨ᠄ | - ᠬᠦᠦ ᠮᠢᠨᠢ ᠠ᠋᠂ ᠬᠥᠮᠥᠨ ᠬᠠᠶᠢᠬᠤ ᠭᠡᠰᠡᠨ ᠴᠢᠨᠢ ᠶᠠᠭᠤ ᠪᠣᠯᠵᠤ ᠪᠠᠶᠢᠨ᠎ᠠ ᠬᠡᠮᠡᠨ ᠲᠡᠰᠦᠭᠰᠡᠨ | ᠦᠭᠡᠢ ᠶᠠᠭᠠᠷᠠᠭᠤᠯᠤᠭᠠᠳ ᠠᠪᠴᠠᠢ᠃ | - ᠬᠠᠶᠢᠵᠤ ᠪᠠᠶᠢᠨ᠎ᠠ᠂ ᠬᠠᠶᠢᠵᠤ ᠪᠠᠶᠢᠨ᠎ᠠ᠃ ᠥᠨᠥ ᠬᠡᠨ ᠨᠢ ᠲᠡᠷᠭᠡ ᠤᠨᠤᠭ᠎ᠠ ᠬᠥᠳᠡᠯᠭᠡᠭᠡᠳ ᠪᠠᠶᠢᠬᠤ | ᠶᠤᠮ ᠪᠤᠢ᠃ ᠸᠢᠴᠠᠲ ᠪᠠᠶᠢᠬᠤ ᠶᠤᠮ ᠴᠢᠨᠢ ᠭᠡᠪᠡ᠃ ᠲᠡᠭᠡᠭᠡᠳ ᠯᠠ ᠬᠤᠷᠯᠣ ᠬᠦᠦ ᠪᠠᠨ ᠬᠦᠯᠢᠶᠡᠭᠡᠳ᠂ ᠬᠦᠦ ᠨᠢ | ᠸᠢᠴᠠᠲ ᠪᠠᠨ ᠬᠦᠯᠢᠶᠡᠭᠡᠳ ᠰᠠᠭᠤᠵᠠᠢ᠃ | ᠪᠢᠲᠡᠭᠦᠷᠡᠭᠰᠡᠨ ᠮᠠᠯ ᠬᠡᠳᠦᠨ ᠡᠳᠦᠷ ᠡᠪᠡᠰᠦ ᠤᠰᠤ ᠦᠭᠡᠢ ᠲᠡᠰᠤᠨᠡ᠃ ᠨᠢᠭᠡ ᠨᠢᠭᠡᠨ ᠤ ᠪᠠᠨ | ᠨᠣᠣᠰᠣ ᠦᠰᠦ ᠪᠤᠶᠤ ᠥᠪᠡᠷ ᠤᠨ ᠢᠶᠠᠨ ᠨᠣᠣᠰᠣ ᠦᠰᠦ ᠶᠢ ᠦᠭᠲᠡᠭᠡᠬᠦ ᠭᠦᠷᠳᠡᠯ᠎ᠡ ᠲᠡᠰᠤᠨᠠ᠃ ᠬᠠᠮᠤᠭ ᠠᠶᠤᠳᠠᠭ | ᠨᠢ ᠶᠠᠷᠳᠠᠭ ᠨᠢ ᠭᠦᠷᠪᠡᠯ ᠨᠢᠭᠡ ᠪᠠᠨ ᠮᠥᠷᠭᠦᠭᠡᠳ ᠬᠡᠶᠢᠰᠬᠡᠵᠦ ᠮᠡᠳᠡᠨ᠎ᠡ᠃ ᠡᠨᠡ ᠠᠶᠢᠯ ᠤᠨ ᠬᠤᠶᠠᠷ ᠰᠡᠷᠭᠡ ᠬᠤᠷᠯᠣ | ᠬᠥᠭᠰᠢᠨ ᠤ ᠤᠩᠰᠢᠭᠰᠠᠨ ᠮᠠᠨᠢ ᠶᠢᠨ ᠬᠦᠴᠦᠨ ᠳᠤ ᠭᠡᠴᠢᠬᠡᠮᠡᠷ ᠲᠤᠯᠤᠭᠠᠨ ᠡᠳᠦᠷ ᠢ ᠲᠠᠶᠢᠪᠤᠭᠤᠬᠠᠨ ᠲᠤᠭᠤᠯᠵᠠᠢ᠃ | ︽ᠬᠠᠨ ᠠᠭᠤᠯᠠ ᠶᠢ ᠴᠠᠰᠤ᠂ ᠬᠠᠶᠢᠷᠠᠨ ᠪᠡᠶ᠎ᠡ ᠶᠢ ᠨᠠᠰᠤ︾ ᠭᠡᠭᠴᠢ ᠪᠠᠷ ᠥᠪᠡᠷ ᠢᠶᠠᠨ ᠭᠡᠬᠦ ᠳᠤ ᠴᠢᠳᠠᠯ ᠦᠭᠡᠢ᠂ | ᠬᠦᠦ ᠪᠠᠨ ᠭᠡᠬᠦ ᠳᠤ ᠥᠪᠡᠷ ᠢᠶᠠᠨ ᠳᠡᠭᠡᠷ᠎ᠡ ᠪᠠᠶᠢᠵᠤ ᠮᠠᠳᠠᠨ᠎ᠠ ᠭᠡᠬᠦ ᠶᠢᠨ ᠬᠤᠭᠤᠷᠣᠨᠳᠤ ᠤᠶᠠᠭᠳᠠᠭᠠᠳ᠂ ᠡᠪᠡᠰᠦ | ᠤᠰᠤ ᠴᠦ ᠣᠶᠢᠷᠠᠲᠤᠭᠤᠯᠵᠤ ᠴᠢᠳᠠᠭᠰᠠᠨ ᠦᠭᠡᠢ ᠪᠠᠶᠢᠵᠠᠢ᠃ | ᠮᠠᠷᠭᠠᠰᠢ ᠨᠢ ᠪᠣᠮᠪᠤ ᠶᠢᠨ ᠭᠤᠤ ᠶᠢᠨ ᠡᠬᠢᠨ ᠳᠡᠭᠡᠭᠦᠷ ᠨᠡᠷ᠎ᠡ ᠮᠠᠩᠬᠠᠶᠢᠵᠤ ᠰᠢᠷᠠᠯᠠᠭᠠᠳ ᠭᠠᠷᠴᠤ ᠢᠷᠡᠬᠦ | ᠦᠶ᠎ᠡ ᠳᠤ ᠤᠯᠠᠭᠠᠨ᠂ ᠰᠢᠷ᠎ᠠ᠂ ᠠᠩᠭᠢᠷ ᠭᠤᠷᠪᠠᠨ ᠠᠳᠠᠯᠢ ᠪᠤᠰᠤ ᠥᠩᠭᠡ ᠶᠢᠨ ᠬᠤᠪᠴᠠᠰᠤ ᠲᠠᠢ ᠭᠤᠷᠪᠠᠨ ᠵᠠᠯᠠᠭᠤ | ᠬᠦᠷᠴᠦ ᠢᠷᠡᠵᠡᠢ᠃ ᠪᠡᠶ᠎ᠡ ᠠᠴᠠ ᠪᠠᠨ ᠲᠣᠮᠣ ᠲᠣᠮᠣ ᠡᠭᠦᠷᠭᠡ ᠲᠠᠢ ᠭᠤᠷᠪᠠᠨ ᠵᠠᠯᠠᠭᠤ ᠴᠠᠢ ᠤᠮᠳᠠ ᠴᠦ ᠭᠡᠰᠡᠨ | ᠦᠭᠡᠢ ᠪᠠᠷ ᠰᠢᠭᠤᠳ ᠪᠤᠭᠤᠮ ᠤᠨ ᠮᠤᠬᠤᠷ ᠥᠭᠡᠳᠡ ᠮᠠᠴᠤᠪᠠ᠃ ᠥᠨᠳᠥᠷ ᠠᠰᠬ᠎ᠠ ᠶᠢᠨ ᠣᠷᠣᠢ ᠳᠡᠭᠡᠷ᠎ᠡ ᠠᠴᠠ ᠨᠢ | ᠣᠷᠣᠬᠤ ᠠᠴᠠ ᠥᠭᠡᠷ᠎ᠡ ᠠᠷᠭ᠎ᠠ ᠪᠠᠶᠢᠬᠤ ᠦᠭᠡᠢ᠃ ᠳᠣᠭᠤᠭᠰᠢ ᠵᠢᠷᠠ ᠲᠠᠯᠠᠨ ᠠᠯᠳᠠ ᠡᠭᠴᠡ ᠬᠡᠶᠢᠰᠬᠡ ᠲᠠᠢ ᠠᠰᠬ᠎ᠠ | ᠃ ᠪᠢᠲᠡᠭᠦᠦ ᠨᠢ ᠣᠷᠣᠢ ᠠᠴᠠ ᠪᠠᠨ ᠳᠣᠷᠣᠭᠰᠢ ᠠᠷᠪᠠᠭᠠᠳ ᠠᠯᠳᠠ ᠶᠢᠨ ᠬᠢᠷᠢ ᠳᠤ ᠪᠠᠶᠢᠭ᠎ᠠ ᠬᠡᠳᠦᠨ ᠰᠡᠷᠰᠡᠭᠡᠷ | ᠪᠤᠳᠠ ᠲᠠᠢ ᠬᠠᠳᠠᠨ ᠳᠡᠭᠲᠡᠷ ᠶᠤᠮ᠃ ᠠᠰᠬ᠎ᠠ ᠶᠢᠨ ᠣᠷᠣᠢ ᠳᠤᠨᠢ ᠭᠠᠷᠬᠤ ᠳᠠᠭᠠᠨ ᠡᠬᠢᠨ ᠤ ᠬᠢᠨᠢ ᠬᠠᠳᠠᠨ | ᠠᠭᠤᠢ ᠶᠢᠨ ᠠᠮᠠ ᠪᠠᠷ ᠠᠶᠠᠨᠳᠠᠭᠠᠨ ᠪᠤᠢ ᠪᠣᠯᠤᠭᠰᠠᠨ ᠬᠠᠳᠠᠨ ᠬᠠᠯᠲᠤᠷᠢᠭ᠎ᠠ ᠪᠠᠷ ᠨᠢ ᠬᠡᠷᠡᠵᠦ ᠭᠠᠷᠤᠨ᠎ᠠ᠃ ᠦᠭᠡᠢ | ᠪᠣᠯ ᠪᠦᠷ ᠠᠭᠤᠯᠠ ᠶᠢᠨ ᠨᠦᠭᠦᠭᠡ ᠲᠠᠯ᠎ᠠ ᠠᠴᠠ ᠨᠢ ᠲᠣᠭᠤᠷᠢᠨ ᠭᠠᠷᠬᠤ ᠳᠤ ᠭᠦᠷᠤᠨ᠎ᠠ᠃ | - ᠨᠢᠭᠡ ᠰᠡᠷᠭᠡ ᠨᠢ ᠨᠣᠮᠣᠬᠠᠨ ᠠᠮᠢᠳᠠᠨ ᠪᠤᠢ᠃ ᠬᠥᠮᠥᠨ ᠤ ᠭᠠᠷ ᠠᠴᠠ ᠪᠤᠭᠤᠷᠰᠤᠭ ᠪᠣᠷᠳᠤᠭ᠎ᠠ | ᠲᠤᠰᠬᠤ ᠳᠤ ᠠᠰᠠᠭᠤᠳᠠᠯ ᠪᠠᠶᠢᠬᠤ ᠦᠭᠡᠢ᠃ ᠲᠠᠯᠠᠭᠠᠢ ᠴᠠᠭᠠᠨ ᠯᠠ ᠬᠡᠴᠡᠭᠦᠦ ᠪᠠᠶᠢᠬ᠎ᠠ᠃ ᠭᠠᠷ ᠤᠷᠤᠭᠤ ᠴᠢᠨᠢ | ᠬᠠᠷᠠᠬᠤ ᠴᠦ ᠦᠭᠡᠢ᠃ ᠤᠷᠢᠳᠠᠪᠠᠷ ᠲᠤᠬᠰᠢᠨ ᠢ ᠨᠢ ᠠᠷᠭᠠᠯᠠᠬᠤ ᠬᠡᠷᠡᠭᠲᠡᠢ᠃ ᠰᠣᠴᠢᠭᠠᠪᠠᠯ ᠦᠷᠭᠦᠨ᠎ᠡ᠂ | ᠦᠰᠦᠷᠦᠨ᠎ᠡ᠃ ᠡᠪᠡᠰᠦ ᠤᠰᠤ ᠪᠠᠷ ᠡᠪᠯᠡᠪᠡᠯ ᠶᠠᠭᠠᠬᠢᠳᠠᠭ ᠶᠤᠮ ᠪᠣᠯ ᠬᠡᠮᠡᠨ ᠡᠪᠡᠰᠦ ᠤᠰᠤ ᠪᠡᠯᠡᠳᠬᠡᠵᠦ ᠥᠭᠭᠦᠭᠡᠳ | ᠄ | - ᠬᠤᠶᠢᠲᠤ ᠪᠡᠶ᠎ᠡ ᠶᠢᠨ ᠬᠢᠨᠢ ᠬᠤᠪᠢᠯ ᠢ ᠨᠢ ᠲᠠᠭᠠᠨ ᠳᠣᠷᠣᠭᠰᠢᠯᠠᠵᠤ᠂ ᠳᠡᠭᠡᠳᠦ ᠳᠡᠭᠲᠡᠷ ᠠᠴᠠ ᠨᠢ | ᠦᠰᠦᠷᠴᠦ ᠪᠠᠭᠤᠭᠠᠳ᠂ ᠢᠮᠠᠭ᠎ᠠ ᠪᠠᠨ ᠡᠷᠭᠦᠵᠦ᠂ ᠳᠡᠭᠲᠡᠷ ᠳᠡᠭᠡᠷ᠎ᠡ ᠨᠢ ᠭᠠᠷᠭᠠᠴᠢᠬᠠᠪᠠᠯ ᠴᠠᠭᠠᠰᠢ ᠨᠢ ᠥᠪᠡᠷ ᠢᠶᠠᠨ | ᠦᠰᠦᠷᠦᠭᠡᠳ ᠶᠠᠪᠤᠴᠢᠬᠠᠨ᠎ᠠ᠃ ᠬᠥᠮᠥᠨ ᠨᠢ ᠠᠷᠤ ᠠᠴᠠ ᠨᠢ ᠲᠡᠷᠡ ᠳᠡᠭᠲᠡᠷ ᠠᠴᠠ ᠨᠢ ᠬᠡᠢ ᠳᠡᠭᠦᠵᠢᠯᠡᠭᠳᠡᠵᠦ | ᠪᠠᠶᠢᠭᠠᠳ ᠨᠢᠭᠡ ᠯᠠ ᠬᠦᠴᠦ ᠠᠪᠬᠤ ᠳᠠᠭᠠᠨ ᠭᠠᠷᠤᠭᠠᠳ ᠣᠴᠢᠳᠠᠭ ᠶᠤᠮ ᠪᠠᠶᠢᠨ᠎ᠠ ᠯᠠᠢ ᠬᠡᠮᠡᠨ ᠬᠤᠷᠯᠣ ᠬᠥᠭᠰᠢᠨ | ᠡᠪᠦᠭᠡᠨ ᠤ ᠪᠠᠨ ᠨᠢᠭᠡ ᠢᠰᠢᠭᠡ ᠴᠦ ᠰᠦᠢᠳᠬᠡᠭᠡ ᠦᠭᠡᠢ ᠲᠤᠷᠰᠢᠯᠭ᠎ᠠ ᠶᠢ ᠨᠢ ᠥᠪᠡᠷ ᠢᠶᠠᠨ ᠦᠵᠡᠵᠦ ᠬᠠᠷᠠᠵᠤ | ᠪᠠᠶᠢᠭᠰᠠᠨ ᠢᠶᠠᠷ ᠢᠶᠠᠨ ᠵᠢᠭᠠᠵᠤ ᠥᠭᠭᠦᠭᠰᠡᠨ ᠪᠠᠶᠢᠨ᠎ᠠ᠃ | - ᠵᠥᠪ ᠢ ᠨᠢ ᠣᠯᠪᠠᠯ ᠵᠥᠭᠡᠯᠡᠨ ᠽᠠᠮᠪᠤᠯᠢᠩ ᠭᠡᠳᠡᠭ ᠪᠢᠰᠢᠦ ᠬᠡᠮᠡᠨ ᠠᠯᠢ ᠬᠤᠶᠢᠨ᠎ᠠ ᠨᠢ ᠠᠷᠤ ᠠᠴᠠ | ᠨᠢ ᠰᠠᠷᠠᠪᠴᠢᠯᠠᠭᠠᠳ ᠵᠣᠭᠰᠣᠵᠤ ᠪᠠᠶᠢᠭᠰᠠᠨ ᠬᠤᠷᠯᠣ ᠬᠥᠭᠰᠢᠨ ᠠᠮᠠᠨ ᠳᠠᠭᠠᠨ ᠥᠭᠦᠯᠡᠭᠡᠳ ᠬᠤᠴᠣᠷᠤᠭᠰᠠᠨ ᠪᠠᠶᠢᠯ᠎ᠠ | ᠃ | ᠭᠤᠷᠪᠠᠨ ᠵᠠᠯᠠᠭᠤ ᠬᠤᠷᠯᠣ ᠬᠥᠭᠰᠢᠨ ᠤ ᠦᠭᠡ ᠪᠠᠷ ᠣᠷᠣᠬᠤ ᠤᠯᠤᠰ ᠪᠢᠰᠢ ᠪᠠᠶᠢᠪᠠ᠃ ᠭᠠᠳᠠᠰᠤ | ᠰᠢᠭᠠᠵᠤ᠂ ᠤᠯᠠᠨ ᠥᠩᠭᠡ ᠶᠢᠨ ᠳᠡᠭᠡᠰᠦ ᠤᠨᠵᠢᠭᠤᠯᠤᠭᠠᠳ᠂ ᠣᠷᠣᠢ ᠳᠡᠭᠡᠷ᠎ᠡ ᠠᠴᠠ ᠨᠢ ᠡᠭᠴᠡ ᠪᠠᠭᠤᠬᠤ ᠪᠡᠯᠡᠳᠬᠡᠯ | ᠠᠵᠢᠯ ᠬᠢᠭᠡᠳ ᠤᠳᠠᠪᠠ᠃ ᠲᠤᠬᠰᠢᠨ ᠮᠠᠯ ᠪᠡᠶ᠎ᠡ ᠳᠡᠭᠡᠨ ᠳᠡᠭᠡᠰᠦ ᠬᠦᠷᠭᠡᠭᠦᠯᠬᠦ ᠦᠭᠡᠢ ᠪᠠᠶᠢᠬ᠎ᠠ᠃ ᠶᠠᠭᠠᠬᠢᠳᠠᠭ ᠶᠤᠮ | ᠪᠣᠯ ᠭᠡᠬᠦ ᠠᠴᠠ ᠬᠤᠷᠯᠣ ᠬᠥᠭᠰᠢᠨ ᠤ ᠪᠤᠳᠤᠯ ᠰᠡᠳᠬᠢᠯ ᠨᠢ ᠠᠰᠬ᠎ᠠ ᠬᠡᠶᠢᠰᠬᠡ ᠠᠴᠠ ᠠᠳᠠᠯᠢᠬᠠᠨ | ᠳᠡᠭᠦᠵᠢᠯᠡᠭᠳᠡᠴᠢᠬᠡᠭᠰᠡᠨ ᠪᠠᠶᠢᠪᠠ᠃ ᠤᠯᠠᠨ ᠵᠢᠯ ᠤᠨ ᠡᠮᠦᠨ᠎ᠡ ᠡᠪᠦᠭᠡᠨ ᠨᠢ ᠨᠢᠭᠡ ᠭᠠᠳᠠᠭᠰᠢ ᠭᠠᠷᠤᠭᠰᠠᠨ ᠤ ᠬᠢᠨᠢ | ᠬᠤᠶᠢᠭᠤᠷ ᠨᠢᠭᠡ ᠢᠮᠠᠭ᠎ᠠ ᠪᠢᠲᠡᠭᠦᠷᠡᠭᠡᠳ ᠠᠷᠭ᠎ᠠ ᠴᠥᠬᠦᠷᠡᠭᠰᠡᠨ ᠬᠤᠷᠯᠣ ᠤᠳᠬᠤᠴᠠᠨ ᠳᠤ ᠪᠣᠷᠳᠤᠭ᠎ᠠ ᠳᠡᠪᠲᠦᠭᠡᠵᠦ | ᠳᠡᠭᠦᠵᠢᠯᠡᠭᠡᠳ᠂ ᠡᠪᠦᠭᠡᠨ ᠢᠶᠠᠨ ᠬᠦᠯᠢᠶᠡᠵᠦ ᠪᠠᠶᠢᠭᠰᠠᠨ ᠨᠢ ᠨᠢᠳᠦᠨ ᠳᠤᠨᠢ ᠬᠠᠷᠠᠭᠳᠠᠬᠤ ᠰᠢᠭ᠋ ᠪᠣᠯᠤᠭᠰᠠᠨ ᠪᠠᠶᠢᠪᠠ᠃ | | ᠦᠳᠡ ᠪᠤᠯᠬᠤ ᠳᠤ ᠭᠤᠷᠪᠠᠨ ᠵᠠᠯᠠᠭᠤ ᠪᠠᠭᠤᠵᠤ ᠢᠷᠡᠭᠰᠡᠨ ᠦᠭᠡᠢ᠃ ᠪᠤᠳᠠᠭ᠎ᠠ ᠬᠤᠭᠤᠯᠠ᠂ ᠤᠰᠤ᠂ | ᠴᠠᠢ ᠪᠢᠲᠡᠭᠡᠢ ᠭᠡᠯᠡ ᠤᠨᠲᠠᠵᠤ ᠬᠡᠪᠲᠡᠳᠡᠭ ᠮᠠᠶᠢᠬᠠᠨ ᠢᠶᠠᠨ ᠴᠦ ᠡᠭᠦᠷᠦᠭᠡᠳ ᠶᠠᠪᠤᠵᠤ ᠪᠠᠶᠢᠳᠠᠭ ᠤᠯᠤᠰ ᠪᠠᠶᠢᠵᠠᠢ᠃ | ᠬᠤᠷᠯᠣ ᠬᠥᠭᠰᠢᠨ ᠤ ᠶᠠᠭᠠᠷᠠᠬᠤ ᠶᠢ ᠬᠡᠯᠡᠬᠦ ᠤᠤ᠂ ᠭᠤᠷᠪᠠᠨ ᠵᠠᠯᠠᠭᠤ ᠶᠢᠨ ᠤᠳᠠᠭᠠᠨ ᠢ ᠬᠡᠯᠡᠬᠦ ᠤᠤ᠃ ᠦᠳᠡ ᠶᠢᠨ | ᠠᠮᠠᠷᠠᠯᠲᠠ ᠠᠪᠳᠠᠭ ᠮᠠᠭᠤᠬᠠᠢ ᠵᠠᠩᠰᠢᠯ ᠲᠠᠢ ᠤᠯᠤᠰ ᠪᠠᠶᠢᠳᠠᠭ ᠶᠤᠮ ᠪᠠᠶᠢᠯᠭᠦᠢ᠃ ᠬᠤᠷᠯᠣ ᠬᠥᠭᠰᠢᠨ ᠢ | ᠬᠦᠯᠢᠶᠡᠯᠭᠡᠵᠦ ᠬᠦᠯᠢᠶᠡᠯᠭᠡᠵᠦ᠂ ᠰᠢᠨᠠᠯᠭᠠᠵᠤ ᠰᠢᠨᠠᠯᠭᠠᠵᠤ ᠪᠠᠶᠢᠭᠠᠳ᠂ ᠦᠳᠡ ᠶᠢᠨ ᠬᠤᠶᠢᠨ᠎ᠠ ᠨᠠᠷᠠ ᠲᠡᠷᠡᠮ ᠮᠠᠴᠤᠬᠤ | ᠦᠶ᠎ᠡ ᠪᠠᠷ ᠲᠡᠭᠢᠨ ᠬᠥᠮᠥᠨ ᠤ ᠪᠡᠷ᠎ᠡ ᠬᠠᠷᠠᠭᠳᠠᠵᠠᠢ᠃ | ᠬᠥᠳᠡᠯᠦᠭᠡᠳ ᠡᠬᠢᠯᠡᠪᠡᠯ ᠪᠠᠰᠠ ᠬᠠᠩᠭᠢ ᠤᠯᠤᠰ ᠪᠠᠶᠢᠵᠠᠢ᠃ ᠬᠤᠶᠠᠷ ᠨᠢ ᠰᠢᠯᠦᠰᠦᠨ ᠳᠡᠭᠡᠨ | ᠳᠡᠭᠦᠵᠢᠯᠡᠭᠳᠡᠭᠰᠡᠨ ᠠᠭᠠᠯᠵᠢ ᠰᠢᠭ᠋ ᠭᠡᠳᠤ ᠰᠠᠷᠪᠠᠭᠠᠨᠠᠭᠠᠳ ᠠᠮᠠᠷᠬᠠᠨ ᠪᠠᠭᠤᠵᠤ ᠣᠴᠢᠪᠠ᠃ ᠢᠮᠠᠭᠠᠨ ᠤ ᠬᠠᠵᠠᠭᠤ ᠳᠤ | ᠭᠦᠷᠤᠭ᠍ᠰᠡᠨ ᠬᠤᠶᠠᠷ ᠵᠠᠯᠠᠭᠤ ᠳᠠᠬᠢᠨᠲᠠ ᠬᠤᠷᠯᠣ ᠬᠥᠭᠰᠢᠨ ᠤ ᠦᠭᠡ ᠠᠴᠠ ᠵᠥᠷᠢᠴᠡᠪᠡ᠃ ᠨᠢᠭᠡ ᠨᠣᠮᠣᠬᠠᠨ ᠢ ᠨᠢ | ᠪᠠᠷᠢᠭᠠᠳ ᠮᠠᠳᠠᠢ ᠰᠢᠭ᠋ ᠲᠣᠮᠣ ᠤᠭᠤᠲᠠᠨ ᠳᠤ ᠬᠢᠭᠡᠳ᠂ ᠲᠦᠳᠡᠬᠡᠨ ᠵᠠᠪ ᠲᠤ ᠲᠠᠲᠠᠵᠤ ᠭᠠᠷᠭᠠᠪᠠ᠃ ᠬᠠᠳᠠᠨ | ᠨᠥᠮᠥᠷᠢ ᠳᠡᠭᠡᠨ ᠲᠣᠭᠲᠠᠵᠤ ᠶᠠᠳᠠᠵᠤ ᠪᠠᠶᠢᠭᠰᠠᠨ ᠲᠠᠯᠠᠭᠠᠢ ᠴᠠᠭᠠᠨ ᠳᠤ ᠲᠤᠯᠪᠠ᠃ ᠬᠤᠶᠠᠷ ᠵᠠᠯᠠᠭᠤ ᠬᠤᠶᠠᠷ | ᠪᠡᠶ᠎ᠡ ᠠᠴᠠ ᠨᠢ ᠰᠢᠬᠠᠵᠤ ᠣᠴᠢᠭᠠᠳ᠂ ᠪᠠᠷᠢᠬᠤ ᠬᠡᠮᠡᠨ ᠭᠡᠳᠤ ᠬᠡᠳᠦᠨ ᠤᠳᠠᠭ᠎ᠠ ᠳᠠᠪᠢᠷᠠᠭᠠᠳ ᠠᠯᠳᠠᠪᠠ᠃ | ᠭᠠᠭᠴᠠᠭᠠᠷ ᠦᠯᠡᠳᠡᠭᠰᠡᠨ ᠲᠠᠯᠠᠭᠠᠢ ᠴᠠᠭᠠᠨ ᠡᠪᠡᠰᠦ ᠤᠰᠤᠨ ᠳᠤ ᠮᠡᠬᠡᠯᠡᠭᠳᠡᠬᠦ ᠠᠴᠠ ᠥᠩᠭᠡᠷᠡᠵᠡᠢ᠃ ᠭᠡᠳᠤ ᠬᠡᠳᠦᠨ | ᠤᠳᠠᠭ᠎ᠠ ᠠᠰᠬ᠎ᠠ ᠶᠢᠨ ᠢᠷᠮᠡᠭ ᠲᠤ ᠲᠤᠯᠵᠤ ᠣᠴᠢᠨ᠂ ᠴᠢᠯᠠᠭᠤ ᠰᠠᠶᠢᠷᠭᠠᠯ ᠪᠤᠲᠡᠷᠠᠭᠠᠭᠠᠳ ᠪᠤᠴᠠᠵᠤ ᠪᠠᠶᠢᠭᠰᠠᠨ ᠢᠶᠠᠨ | ᠬᠤᠶᠠᠷ ᠵᠠᠯᠠᠭᠤ ᠶᠢᠨ ᠴᠠᠯᠮᠠᠳᠠᠬᠤ ᠭᠡᠰᠡᠨ ᠳᠡᠭᠡᠰᠦᠨ ᠳᠤ ᠴᠣᠴᠢᠷᠳᠠᠬᠤ ᠳᠠᠭᠠᠨ ᠬᠥᠯ ᠠᠯᠳᠠᠵᠠᠢ᠃ | - ᠦᠴᠤᠭᠦᠷ ᠴᠢᠨᠢ ᠁ ᠦᠷᠭᠦᠯᠡ ᠁ ᠦᠰᠦᠷᠦᠯᠡ ᠁ ᠲᠠᠭᠠᠷᠢᠯᠠ ᠁ | ᠬᠡᠶᠢᠰᠦᠯᠡ ᠁ | ᠬᠤᠷᠯᠣ ᠬᠥᠭᠰᠢᠨ ᠤᠷᠭᠤᠮᠳᠠᠵᠤ ᠰᠠᠶᠢᠨ ᠪᠠᠷᠠᠭᠠᠳᠤᠢ ᠪᠠᠷ ︽ᠫᠦᠰ︾ ᠭᠡᠬᠦ ᠪᠢᠲᠡᠭᠦᠦ ᠲᠠᠭᠤᠨ | ᠭᠠᠷᠴᠤ᠂ ᠭᠠᠷ ᠲᠠᠭᠠᠨ ᠪᠠᠷᠢᠵᠤ ᠪᠠᠶᠢᠭᠰᠠᠨ ᠵᠢᠷᠦᠬᠡ ᠶᠢ ᠨᠢ ᠬᠠᠶᠢᠷ᠎ᠠ ᠨᠠᠶᠢᠷ ᠦᠭᠡᠢ ᠭᠠᠵᠠᠷ ᠰᠠᠪᠠᠭᠰᠠᠨ ᠪᠠᠶᠢᠯ᠎ᠠ᠃ | ᠪᠢᠲᠡᠭᠦᠦ ᠭᠠᠷᠭᠠᠳᠠᠭ ᠬᠥᠮᠥᠨ ᠣᠯᠳᠠᠬᠤ ᠦᠭᠡᠢ ᠪᠠᠶᠢᠨ᠎ᠠ ᠭᠡᠬᠦ ᠳᠤ ᠯᠠ ︽ᠠᠪᠤ ᠴᠢᠨᠢ ᠪᠠᠶᠢᠭᠰᠠᠨ ᠭᠡᠯᠡ ᠨᠢ︾ | ᠭᠡᠳᠡᠭ ᠦᠭᠡ ᠶᠢ ᠬᠦᠦ ᠶᠢᠨ ᠢᠶᠠᠨ ᠡᠮᠦᠨ᠎ᠡ ᠠᠷᠠᠶᠢᠬᠠᠨ ᠪᠢᠰᠢ ᠠᠯᠳᠠᠭᠠᠳ ᠭᠠᠷᠭᠠᠴᠢᠬᠠᠬᠤ ᠳᠤ ᠭᠦᠷᠤᠭ᠍ᠰᠡᠨ ᠪᠠᠶᠢᠵᠠᠢ | ᠃ ᠬᠦᠦ ᠶᠢᠨ ᠢᠶᠠᠨ ᠪᠣᠲᠣᠭᠤᠨ ᠪᠤᠳᠤᠯ ᠳᠤᠨᠢ ᠶᠠᠭᠤ ᠨᠢᠭᠡ ᠶᠢ ᠬᠤᠴᠣᠷᠭᠠᠴᠢᠬᠠᠬᠤ ᠪᠤᠢ ᠭᠡᠬᠦ ᠠᠴᠠ ᠯᠠ | ᠬᠤᠷᠢᠭᠯᠠᠵᠤ ᠳᠡᠶᠢᠯᠦᠭᠰᠡᠨ ᠪᠠᠶᠢᠬᠤ ᠶᠣᠰᠣᠲᠠᠢ᠃ ᠡᠨᠡ ᠤᠳᠠᠭ᠎ᠠ ᠬᠤᠷᠯᠣ ᠬᠥᠭᠰᠢᠨ ᠬᠠᠷᠢᠨ ᠲᠡᠷᠡ ᠦᠭᠡ ᠪᠠᠨ ᠲᠠᠭ | ᠬᠤᠷᠢᠭᠯᠠᠵᠤ ᠳᠡᠶᠢᠯᠦᠭᠰᠡᠨ ᠦᠭᠡᠢ ᠪᠠᠶᠢᠵᠤ᠄ | - ᠠᠢ ᠳ᠋ᠠ ᠴᠠᠪᠠᠰᠤ᠃ ᠠᠪᠤ ᠴᠢᠨᠢ ᠪᠠᠶᠢᠭᠰᠠᠨ ᠭᠡᠯᠡ ᠨᠢ ᠬᠡᠮᠡᠨ ᠭᠠᠰᠠᠯᠤᠭᠰᠠᠭᠠᠷ᠂ ᠨᠢᠳᠦ ᠪᠠᠨ ᠨᠢᠭᠡ | ᠠᠷᠴᠢᠵᠤ ᠠᠪᠤᠭᠠᠳ ᠭᠡᠷ ᠥᠭᠡᠳᠡ ᠪᠠᠨ ᠮᠠᠶᠢᠵᠢᠭᠢᠨᠠᠭᠰᠠᠨ ᠪᠠᠶᠢᠪᠠ᠃ | | | |