﹇ᠳᠤᠮᠳᠠᠳᠤ ᠶᠢᠨ ᠰᠣᠶᠣᠯ᠄ ᠢᠷᠦᠭᠡᠯ ᠮᠠᠭᠲᠠᠭᠠᠯ﹈ ᠠᠪᠠ ᠶᠢᠨ ᠢᠷᠦᠭᠡᠯ
ᠨᠡᠶᠢᠲᠡᠯᠡᠭᠰᠡᠨ ᠴᠠᠭ᠄
2024/12/31
ᠠᠪᠠ ᠶᠢᠨ ᠢᠷᠦᠭᠡᠯ ᠥᠨᠳᠥᠷ ᠳᠡᠭᠡᠳᠦ ᠬᠥᠬᠡ ᠲᠡᠭᠷᠢ ᠥᠷᠭᠡᠨ ᠶᠡᠭᠡ ᠲᠠᠯ᠎ᠠ ᠭᠠᠵᠠᠷ ᠦᠩ ᠪᠠᠶᠠᠨ ᠠᠯᠲᠠᠢ ᠬᠠᠩᠭᠠᠢ ᠮᠢᠨᠢ ᠥᠪᠡᠷ ᠲᠡᠭᠡᠨ ᠤᠷᠤᠰᠢᠬᠴᠢ ᠥᠯᠥᠭᠡᠢ ᠳᠡᠭᠡᠨ ᠪᠡᠯᠴᠢᠭᠴᠢ ᠪᠤᠭᠤ ᠰᠤᠭᠤ᠂ ᠪᠤᠯᠠᠬ᠋᠎ᠠ ᠰᠢᠯᠤᠭᠦᠰᠦ ᠬᠥᠬᠡ ᠴᠢᠨ᠋ᠸ᠎ᠠ᠂ ᠬᠥᠨᠳᠡᠢ ᠶᠢᠨ ᠵᠡᠭᠡᠷ᠎ᠡ ᠬᠠᠲᠠᠨ ᠤ ᠢᠷᠪᠢᠰ᠂ ᠮᠣᠳᠣᠨ ᠤ ᠬᠡᠷᠡᠮᠦ ᠪᠦᠭᠦᠲᠡ ᠠᠩ ᠭᠦᠷᠤᠭᠡᠰᠤᠨ ᠤ ᠬᠡᠰᠢᠭ ᠢ ᠥᠭᠭᠦᠨ ᠰᠣᠶᠣᠷᠬᠠᠮᠤ᠃ ᠬᠤᠷᠤᠢ ᠬᠤᠷᠤᠢ ᠬᠤᠷᠤᠢ᠃ ᠬᠠᠭᠠᠨ ᠡᠵᠡᠨ ᠳᠤ ᠮᠢᠨᠢ ᠬᠠᠶᠢᠷᠠᠯᠠᠭᠤᠯᠤᠨ ᠰᠣᠶᠣᠷᠬᠠᠮᠤ᠃ ᠬᠠᠨᠢ ᠨᠥᠬᠦᠳ ᠲᠤ ᠮᠢᠨᠢ ᠬᠠᠰᠢᠭᠤᠯᠤᠨ ᠰᠣᠶᠣᠷᠬᠠᠮᠤ᠃ ᠬᠤᠷᠤᠢ ᠬᠤᠷᠤᠢ ᠬᠤᠷᠤᠢ᠃ ᠬᠠᠨᠢᠯᠠᠬᠤ ᠣᠯᠠᠨ ᠨᠥᠬᠦᠳ ᠲᠤ ᠬᠠᠲᠠᠷᠢᠬᠤ ᠰᠠᠶᠢᠨ ᠮᠤᠷᠢᠳ ᠢ ᠬᠠᠶᠢᠷᠠᠯᠠᠨ ᠰᠣᠶᠣᠷᠬᠠᠮᠤ᠃ ᠬᠤᠷᠤᠢ ᠬᠤᠷᠤᠢ ᠬᠤᠷᠤᠢ᠃ ᠦᠶᠡᠯᠡᠬᠦ ᠰᠠᠶᠢᠬᠠᠨ ᠨᠥᠬᠦᠳ ᠡᠭᠦᠷᠬᠦ ᠰᠠᠶᠢᠬᠠᠨ ᠫᠤᠤ ᠠᠷᠭᠤᠮᠠᠭ ᠰᠠᠶᠢᠨ ᠮᠤᠷᠢ ᠠᠯᠲᠠ ᠲᠠᠢ ᠰᠠᠶᠢᠬᠠᠨ ᠳᠡᠪᠡᠯ ᠠᠮᠠᠷᠠᠭ ᠰᠠᠶᠢᠨ ᠡᠷ᠎ᠡ ᠠᠷᠰᠯᠠᠨ ᠤ ᠶᠡᠭᠡ ᠬᠦᠴᠦ ᠠᠶᠤᠯ ᠦᠭᠡᠢ ᠶᠡᠭᠡ ᠵᠤᠷᠢᠬ ᠬᠤᠷᠳᠤᠨ ᠰᠠᠶᠢᠬᠠᠨ ᠤᠬᠠᠭᠠᠨ ᠬᠤᠷᠴᠠ ᠰᠠᠶᠢᠨ ᠮᠡᠰᠡ ᠬᠠᠶᠢᠷᠠᠯᠠᠨ ᠥᠷᠥᠰᠢᠶᠡᠵᠦ ᠬᠠᠷᠠᠵᠤ ᠲᠠᠤᠠᠭᠦᠨ ᠰᠣᠶᠣᠷᠬᠠᠮᠤ᠃ ᠬᠤᠷᠤᠢ ᠬᠤᠷᠤᠢ ᠬᠤᠷᠤᠢ᠃ ᠰᠦᠮᠪᠦᠷ ᠠᠭᠤᠯᠠ ᠮᠡᠲᠦ ᠪᠠᠲᠤ ᠰᠦᠨ ᠳᠠᠯᠠᠢ ᠮᠡᠲᠦ ᠲᠦᠭᠦᠷᠡᠩ ᠨᠠᠪᠴᠢ ᠴᠡᠴᠡᠭ ᠮᠡᠲᠦ ᠳᠡᠯᠭᠡᠷ ᠨᠠᠷᠠᠨ ᠮᠡᠲᠦ ᠭᠡᠭᠡᠨ ᠰᠠᠷᠠᠨ ᠮᠡᠲᠦ ᠲᠤᠩᠭᠠᠯᠠᠭ ᠰᠠᠶᠢᠨ ᠵᠢᠷᠭᠠᠯ ᠰᠣᠶᠣᠷᠬᠠᠮᠤ᠃ ᠬᠤᠷᠤᠢ ᠬᠤᠷᠤᠢ ᠬᠤᠷᠤᠢ᠃ ᠳᠥᠷᠪᠡᠨ ᠵᠦᠭ ᠤᠤᠠᠬᠤ ᠵᠠᠮ᠃ ᠲᠦᠳᠡ ᠳᠥᠭᠦᠮ ᠪᠤᠯᠭᠠᠵᠤ ᠰᠣᠶᠣᠷᠬᠠᠮᠤ᠃ ᠨᠠᠢᠮᠠᠨ ᠵᠣᠪᠬᠢᠰ ᠲᠤ ᠣᠳᠬᠤ ᠵᠠᠮ ᠢ ᠨᠠᠶᠢᠷ ᠲᠠᠢ ᠪᠣᠯᠭᠠᠨ ᠰᠤᠶᠤᠷᠬᠠᠮᠤ᠃ ᠬᠤᠷᠤᠢ ᠬᠤᠷᠤᠢ ᠬᠤᠷᠤᠢ᠃ ᠭᠤᠴᠢᠨ ᠭᠤᠷᠪᠠᠨ ᠬᠥᠬᠡ ᠲᠡᠭᠷᠢ ᠳᠠᠯᠠᠨ ᠳᠣᠯᠣᠭᠠᠨ ᠡᠳᠦᠭᠡᠨ ᠡᠬᠡ ᠬᠠᠮᠤᠭ ᠶᠡᠭᠡ ᠪᠤᠶᠠᠨ ᠬᠡᠰᠢᠭ ᠬᠠᠶᠢᠷᠠᠯᠠᠨ ᠰᠣᠶᠣᠷᠬᠠᠮᠤ᠃ ᠬᠤᠷᠤᠢ ᠬᠤᠷᠤᠢ ᠬᠤᠷᠤᠢ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号