﹇ᠨᠡᠶᠢᠭᠡᠮ ᠠᠮᠢᠳᠤᠷᠠᠯ﹈ ᠡᠴᠢᠭᠡ ᠡᠬᠡ ᠪᠣᠯ ᠦᠷ᠎ᠠ ᠬᠡᠦᠭᠡᠳ ᠤᠨ ᠢᠶᠠᠨ ᠬᠠᠮᠤᠭ ᠠᠩᠬᠠᠨ ᠤ ᠪᠠᠭᠰᠢ ᠮᠥᠨ
ᠨᠡᠶᠢᠲᠡᠯᠡᠭᠰᠡᠨ ᠴᠠᠭ᠄
2024/12/31
           ᠨᠠ᠊ ᠦᠵᠦᠮ᠎ᠡ            ᠰᠢᠳᠡᠷ ᠴᠢᠭᠤᠯᠭᠠᠨ ᠬᠤᠳᠠ ᠶᠢᠨ ᠣᠷᠣᠢ ᠶᠢᠨ ᠰᠣᠨᠢᠨ ᠳᠤ ᠨᠢᠭᠡ ᠬᠦᠮᠦᠨ ︽ᠠᠪᠤ ᠶᠢᠨ ᠬᠥᠯ ᠤᠨ ᠮᠥᠷ︾ ᠭᠡᠰᠡᠨ ᠭᠠᠷᠴᠠᠭ ᠲᠠᠢ ᠵᠣᠬᠢᠶᠠᠯ ᠨᠡᠶᠢᠳᠡᠯᠡᠵᠤ ᠳᠣᠲᠣᠷ᠎ᠠ ᠭᠠᠵᠠᠷ ᠤᠨ ᠨᠢᠭᠡ ᠬᠥᠳᠡᠭᠡ ᠲᠣᠰᠬᠤᠨ ᠳᠤ ᠪᠠᠶᠢᠭᠰᠠᠨ ᠯᠢᠨ ᠣᠪᠤᠭᠳᠤ ᠲᠠᠷᠢᠶᠠᠴᠢᠨ ᠤ ᠣᠯᠠᠨ ᠵᠢᠯ ᠠᠷᠢᠬᠢ ᠤᠤᠭᠤᠬᠤ ᠮᠠᠭᠤ ᠵᠠᠩᠰᠢᠯ ᠢᠶᠠᠨ ᠶᠠᠭᠠᠬᠢᠵᠤ ᠬᠠᠯᠠᠭᠰᠠᠨ ᠶᠠᠪᠤᠳᠠᠯ ᠢ ᠪᠢᠴᠢᠭᠰᠡᠨ ᠪᠠᠶᠢᠨ᠎ᠠ᠃ ᠲᠤᠰ ᠵᠣᠬᠢᠶᠠᠯ ᠳᠤ ᠲᠡᠮᠳᠡᠭᠯᠡᠬᠦ ᠳᠡᠭᠡᠨ᠄ ᠯᠢᠨ ᠣᠪᠣᠭᠳᠤ ᠲᠠᠷᠢᠶᠠᠴᠢᠨ ᠡᠳᠥᠷ ᠪᠦᠷᠢ ᠲᠠᠷᠢᠮᠠᠯ ᠤᠨ ᠠᠵᠢᠯ ᠳᠤ ᠭᠠᠷᠬᠤ ᠠᠴᠠ ᠪᠠᠨ ᠡᠮᠦᠨ᠎ᠠ ᠪᠠ ᠲᠠᠷᠢᠮᠠᠯ ᠤᠨ ᠠᠵᠢᠯ ᠠᠴᠠ ᠪᠠᠨ ᠪᠠᠭᠤᠬᠤ ᠦᠶ᠎ᠡ ᠳᠡᠭᠡᠨ ᠪᠠᠯᠭᠠᠰᠤᠨ ᠤ ᠨᠢᠭᠡ ᠪᠢᠴᠢᠬᠠᠨ ᠠᠷᠢᠬᠢᠨ ᠮᠤᠬᠤᠯᠠᠭ ᠲᠤ ᠬᠦᠷᠴᠤ ᠠᠷᠢᠬᠢ ᠤᠤᠭᠤᠳᠠᠭ ᠵᠠᠩᠰᠢᠯ ᠲᠠᠢ ᠭᠡᠨ᠎ᠡ᠃      ᠨᠢᠭᠡ ᠡᠳᠦᠷ ᠲᠣᠰᠬᠤᠨ ᠳᠤ ᠶᠡᠭᠡ ᠴᠠᠰᠤ ᠣᠷᠣᠵᠠᠢ᠃ ᠡᠭᠦᠨ ᠳᠤ ᠯᠢᠨ ᠣᠪᠤᠭᠳᠤ ᠪᠠᠰᠠᠯᠨ ᠵᠤᠷᠰᠢᠯ ᠶᠣᠰᠤ ᠪᠠᠷ ᠢᠶᠠᠨ ᠡᠭᠡᠨᠡᠷ ᠲᠡᠭᠡᠨ ᠠᠷᠢᠬᠢᠨ ᠮᠣᠬᠤᠯᠠᠭ ᠲᠤ ᠣᠴᠢᠬᠤ ᠪᠠᠨ ᠮᠡᠳᠡᠭᠦᠯᠵᠤ᠂ ᠬᠤᠪᠴᠠᠰᠤ ᠬᠤᠨᠠᠷ ᠢᠶᠠᠨ ᠡᠮᠦᠰᠴᠤ ᠭᠡᠷ ᠠᠴᠠ ᠪᠠᠨ ᠭᠠᠷᠤᠭᠠᠳ ᠠᠷᠢᠬᠢᠨ ᠮᠤᠬᠤᠯᠠᠭ ᠢ ᠴᠢᠭᠯᠡᠵᠠᠢ᠃ ᠯᠢᠨ ᠣᠪᠤᠭᠳᠤ ᠶᠠᠪᠤᠭᠠᠳ ᠳᠡᠮᠡᠢ ᠤᠳᠠᠭᠰᠠᠨ ᠦᠭᠡᠢ ᠠᠷᠤ ᠳᠤᠨᠢ ᠨᠢᠭᠡ ᠬᠦᠮᠦᠨ ᠲᠠᠭᠠᠵᠤ ᠪᠠᠶᠢᠬᠤ ᠰᠢᠭ ᠰᠡᠷᠡᠭᠳᠡᠭᠰᠡᠨ ᠳᠤ ᠲᠡᠷᠨ ᠠᠷᠤᠨᠰᠢ ᠪᠠᠨ ᠡᠷᠬᠢᠵᠤ ᠬᠠᠷᠠᠬᠤ ᠳᠤ ᠬᠠᠷᠢᠨ ᠥᠪᠡᠷ ᠤᠨ ᠬᠢᠨᠢ ᠰᠠᠶ᠋ᠢᠬᠠᠨ ᠠᠷᠪᠠ ᠬᠦᠷᠴᠦ ᠪᠠᠶᠢᠬᠤ ᠬᠥᠪᠡᠭᠦᠨ ᠨᠢ ᠪᠠᠶᠢᠯ᠎ᠠ᠃ ᠬᠦᠪᠡᠭᠦᠨ ᠨᠢ ᠠᠪᠤ ᠶᠢᠨ ᠢᠶᠠᠨ ᠡᠮᠦᠨ᠎ᠠ ᠠᠴᠠ᠄ ︽ᠠᠪᠤ ᠡ︕ ᠲᠠ ᠦᠵᠡ ᠡᠨᠠ ᠴᠠᠰᠤ ᠶᠠᠭᠠᠬᠢᠭᠰᠨ ᠵᠤᠵᠠᠭᠠᠨ ᠣᠷᠣᠭᠰᠠᠨ ᠪᠣᠢ︖ ᠴᠠᠰᠤᠨ ᠳᠤ ᠭᠠᠷᠤᠭᠰᠠᠨ ᠲᠠᠨ ᠤ ᠬᠥᠯ ᠤᠨ ᠮᠥᠷ ᠢᠶᠠᠷ ᠪᠢ ᠲᠠᠨ ᠢ ᠲᠠᠭᠠᠵᠤ ᠠᠳᠡ ᠬᠦᠷᠤᠭᠡᠳ ᠢᠷᠡᠭᠰᠡᠨ ᠰᠢᠤ︕︾ ᠭᠡᠵᠡᠢ᠃      ᠠᠪᠤ ᠨᠢ ᠬᠥᠪᠡᠭᠦᠨ ᠤ ᠪᠠᠨ ᠬᠡᠯᠡᠭᠰᠡᠨ ᠡᠨᠡ ᠦᠭᠡ ᠶᠢ ᠰᠣᠨᠣᠰᠣᠭᠠᠳ ᠭᠡᠨᠡᠳᠳᠡ ᠰᠡᠳᠭᠢᠯ ᠳᠤᠨᠢ᠂ ︽ᠬᠡᠷᠪᠡ ᠪᠢ ᠠᠷᠢᠬᠢᠨ ᠮᠤᠬᠤᠯᠠᠭ ᠲᠤ ᠬᠦᠷᠬᠦ ᠶᠠᠭᠤᠮ᠎ᠠ ᠪᠣᠯᠪᠠᠯ ᠮᠢᠨᠤ ᠬᠥᠪᠡᠭᠦᠨ ᠪᠠᠰᠠ ᠮᠢᠨᠤ ᠬᠥᠯ ᠤᠨ ᠮᠥᠷ ᠢᠶᠠᠷ ᠨᠠᠳᠠ ᠶᠢ ᠲᠠᠭᠠᠵᠤ ᠡᠳᠥᠷ ᠪᠣᠯᠭᠠᠨ ᠠᠷᠢᠬᠢᠨ ᠮᠤᠬᠤᠯᠠᠭ ᠲᠤ ᠬᠦᠷᠪᠡᠯ ᠬᠤᠶᠢᠨ᠎ᠠ ᠨᠢ ᠨᠠᠳᠠ ᠲᠠᠢ ᠨᠢᠭᠡ ᠠᠳᠠᠯᠢ ᠠᠷᠢᠬᠢ ᠤᠤᠭᠤᠬᠤ ᠠᠴᠠ ᠥᠭᠡᠷ᠎ᠠ ᠶᠠᠭᠤ ᠴᠤ ᠮᠡᠳᠡᠬᠦ ᠦᠭᠡᠢ ᠬᠦᠮᠦᠨ ᠪᠣᠯᠪᠠᠯ ᠶᠠᠭᠠᠬᠢᠳᠠᠭ ᠪᠢᠯᠨ ᠭᠡᠬᠦ ᠪᠣᠳᠣᠯ ᠣᠷᠣᠵᠤ ᠡᠭᠦᠨ ᠠᠴᠠ ᠡᠭᠢᠯᠡᠭᠡᠳ ᠯᠢᠨ ᠣᠪᠤᠭᠳᠤ ᠲᠡᠬᠢᠵᠤ ᠠᠷᠢᠬᠢᠨ ᠮᠤᠬᠤᠯᠠᠭ ᠲᠤ ᠣᠴᠢᠬᠤ ᠪᠠᠨ ᠪᠠᠶᠢᠵᠤ᠂ ᠡᠳᠦᠷ ᠪᠦᠷᠢ ᠠᠷᠢᠬᠢ ᠤᠤᠭᠤᠬᠤ ᠮᠠᠭᠤ ᠵᠠᠩᠰᠢᠯ ᠢᠶᠠᠨ ᠡᠷᠡᠰ ᠲᠠᠰᠤ ᠬᠠᠯᠠᠭᠰᠠᠨ ᠭᠡᠨ᠎ᠡ᠃      ᠪᠢᠳᠡ ᠡᠨᠡᠬᠦ ︽ᠠᠪᠤ ᠶᠢᠨ ᠬᠥᠯ ᠤᠨ ᠮᠥᠷ︾ ᠭᠡᠬᠦ ᠣᠬᠤᠷ ᠵᠣᠬᠢᠶᠠᠯ ᠠᠴᠠ ᠠᠪᠤ ᠡᠵᠢ ᠪᠤᠯᠪᠠᠯ ᠦᠷ᠎ᠡ ᠬᠡᠦᠭᠡᠳ ᠤᠨ ᠢᠶᠠᠨ ᠬᠠᠮᠤᠭ ᠠᠩᠬᠠᠨ ᠤ ᠬᠠᠮᠤᠭ ᠤᠨ ᠰᠠᠶᠢᠨ ᠪᠠᠭᠰᠢ ᠨᠢ ᠮᠥᠨ ᠪᠥᠭᠡᠳ ᠪᠠᠰᠠ ᠦᠷ᠎ᠡ ᠬᠡᠦᠭᠡᠳ ᠲᠡᠭᠡᠨ ᠵᠥᠪ ᠵᠠᠮ ᠵᠢᠭᠠᠬᠠᠤ ᠵᠠᠮᠴᠢ ᠮᠥᠨ ᠪᠠᠶᠢᠵᠤ᠂ ᠠᠪᠤ ᠡᠵᠢ ᠶᠢᠨ ᠦᠭᠡ ᠶᠠᠷᠢᠶ᠎ᠠ᠂ ᠦᠢᠯᠨ ᠠᠵᠢᠯᠯᠠᠭ᠎ᠠ ᠨᠢ ᠦᠷ᠎ᠡ ᠬᠡᠦᠭᠡᠳ ᠢ ᠰᠢᠭᠤᠳ ᠨᠥᠯᠥᠭᠡᠯᠡᠬᠦ ᠪᠠᠷ ᠪᠠᠷᠠᠬᠤ ᠦᠭᠡᠢ ᠬᠡᠤᠬᠡᠳ ᠢ ᠨᠠᠰᠤᠨ ᠲᠤᠷᠰᠢ ᠨᠥᠯᠥᠭᠡᠯᠡᠬᠦ ᠶᠢ ᠮᠡᠳᠡᠵᠤ ᠪᠣᠯᠬᠤ ᠶᠤᠮ᠃      ᠡᠷᠳᠡᠨ ᠠᠴᠠ ᠤᠯᠠᠮᠵᠢᠯᠠᠭᠳᠠᠵᠤ ᠢᠷᠡᠭᠰᠡᠨ ᠵᠦᠢᠷ ᠰᠡᠴᠡᠨ ᠦᠭᠡ ᠪᠠ ᠢᠷᠦᠭᠡᠯ ᠮᠠᠭᠳᠠᠭᠠᠯ ᠳᠤ ᠪᠠᠰᠠ ︽ᠠᠪᠤ ᠶᠢᠨ ᠰᠤᠷᠭᠠᠯ ᠠᠯᠳᠠᠨ ᠠᠴᠠ ᠦᠨᠡᠳᠡᠢ᠂ ᠡᠵᠢ ᠶᠢᠨ ᠬᠠᠶᠢᠷ᠎ᠠ ᠠᠨᠠᠪᠠᠳ ᠳᠠᠯᠠᠢ ᠠᠴᠠ ᠭᠦᠨ︾᠂ ︽ᠠᠪᠤ ᠶᠢᠨ ᠪᠠᠭᠤᠷᠢ ᠳᠤ ᠰᠠᠭᠤᠵᠤ᠂ ᠡᠵᠢ ᠶᠢᠨ ᠢᠶᠠᠨ ᠰᠠᠭᠤᠷᠢ ᠳᠤ ᠰᠠᠭᠤᠨ᠎ᠠ︾᠂ ︽ᠠᠯᠢᠮ᠎ᠠ ᠡᠰᠢ ᠠᠴᠠ ᠪᠠᠨ ᠬᠤᠯᠨ ᠣᠴᠢᠬᠤ ᠦᠭᠡᠢ︾ ᠭᠡᠬᠦ ᠮᠡᠳᠦ ᠦᠭᠡ ᠪᠠᠶᠢᠳᠠᠭ ᠪᠥᠭᠡᠳ ᠡᠳᠡᠭᠡᠷ ᠦᠭᠡ ᠳᠤ ᠦᠷ᠎ᠡ ᠬᠡᠤᠭᠡᠳ ᠤᠨ ᠥᠰᠦᠯᠳᠡ ᠪᠦᠢᠵᠢᠯᠳᠡ ᠨᠢ ᠠᠪᠤ ᠡᠵᠢ ᠶᠢᠨ ᠰᠤᠷᠭᠠᠯ ᠬᠦᠮᠦᠵᠢᠯ ᠠᠴᠠ ᠤᠭᠳᠤ ᠰᠠᠯᠬᠤ ᠦᠭᠡᠢ ᠪᠠᠶᠢᠵᠤ ᠠᠯᠢ ᠨᠢᠭᠡ ᠠᠶᠢᠯ ᠡᠷᠦᠭᠡ ᠶᠢᠨ ᠦᠷ᠎ᠡ ᠬᠡᠤᠭᠡᠳ ᠴᠥᠮ ᠠᠪᠤ ᠡᠵᠢ ᠪᠠᠷ ᠢᠶᠠᠨ ᠬᠡᠪ ᠲᠠᠭᠤᠷᠢᠶᠠᠯ ᠪᠣᠯᠭᠠᠨ ᠠᠪᠤ ᠡᠵᠢ ᠠᠴᠠ ᠪᠠᠨ ᠰᠤᠷᠤᠯᠴᠠᠵᠤ᠂ ᠠᠪᠤ ᠡᠵᠢ ᠪᠠᠨ ᠲᠠᠭᠠᠨ ᠬᠦᠮᠦᠨ ᠪᠣᠯᠵᠤ ᠬᠦᠮᠦᠵᠢᠨ᠎ᠡ ᠭᠡᠭᠰᠡᠨ ᠭᠦᠨ ᠤᠳᠬ᠎ᠠ ᠠᠭᠤᠯᠤᠭᠳᠠᠵᠤ ᠪᠠᠶᠢᠳᠠᠭ᠃      ᠲᠡᠶᠢᠮᠦ ᠠᠴᠠ ᠠᠪᠤ ᠡᠵᠢ ᠪᠣᠯᠤᠭᠰᠠᠳ ᠦᠷ᠎ᠡ ᠬᠡᠤᠭᠡᠤᠨ ᠢᠶᠠᠨ ᠲᠦᠮᠡᠨ ᠤ ᠲᠦᠷᠦᠭᠦᠴᠢ᠂ ᠮᠢᠩᠭᠠᠨ ᠤ ᠮᠠᠩᠯᠠᠢ ᠪᠣᠯᠭᠠᠨ ᠬᠦᠮᠦᠵᠢᠭᠦᠯᠵᠤ᠂ ᠦᠷ᠎ᠡ ᠪᠠᠷ ᠢᠶᠠᠨ ᠬᠦᠮᠤᠨ ᠬᠢᠵᠤ ᠦᠷᠢᠶ᠎ᠡ ᠪᠠᠷ ᠢᠶᠠᠨ ᠮᠣᠷᠢ ᠬᠢᠵᠤ᠂ ᠦᠷ᠎ᠡ ᠬᠡᠣᠬᠡᠳ ᠢᠶᠠᠨ ᠣᠳᠣ ᠰᠣᠳᠣ ᠪᠣᠯᠭᠠᠨ ᠬᠦᠮᠦᠵᠢᠭᠦᠯᠵᠤ ᠨᠡᠶᠢᠭᠡᠮ ᠨᠡᠶᠢᠳᠡ ᠳᠤ ᠲᠤᠰᠠᠲᠠᠢ ᠬᠦᠮᠦᠨ ᠪᠣᠯᠭᠠᠬᠤ ᠭᠡᠪᠡᠯ ᠠᠪᠤ ᠡᠵᠢ ᠪᠣᠯᠤᠭᠰᠠᠳ ᠥᠪᠡᠷ ᠢᠶᠠᠨ ᠶᠠᠭᠤᠨ ᠤ ᠲᠡᠷᠢᠭᠦᠨ ᠳᠤ ︽ᠣᠯᠠᠨ ᠤ ᠲᠣᠳᠣᠷ᠎ᠠ ᠪᠡᠶ᠎ᠠ ᠪᠠᠨ ᠰᠢᠨᠵᠢᠵᠤ᠂ ᠭᠠᠭᠴᠠᠭᠠᠷ ᠰᠠᠭᠤᠪᠠᠯ ᠰᠡᠳᠭᠢᠯ ᠢᠶᠠᠨ ᠰᠢᠨᠵᠢ︾ ᠭᠡᠳᠡᠭ ᠢᠶᠠᠷ ᠡᠷᠬᠡᠪᠰᠢ ᠥᠪᠡᠷ ᠤᠨ ᠢᠶᠠᠨ ᠦᠭᠡ ᠶᠠᠷᠢᠶ᠎ᠠ᠂ ᠦᠢᠯᠨ ᠠᠵᠢᠯᠯᠠᠭ᠎ᠠ ᠪᠠᠨ ᠴᠠᠭ ᠢᠮᠠᠬᠳᠠ ᠠᠵᠢᠭᠯᠠᠵᠤ᠂ ᠦᠷᠭᠦᠯᠵᠢ ᠠᠩᠬᠠᠷᠴᠤ ᠪᠠᠶᠢᠬᠤ ᠬᠡᠷᠡᠭᠳᠡᠢ᠃ ᠤᠴᠢᠷ ᠨᠢ ᠲᠡᠭᠡᠷ᠎ᠠ ᠶᠠᠷᠢᠭᠰᠠᠨ ᠯᠢᠨ ᠣᠪᠤᠭᠳᠤ ᠶᠢᠨ ᠶᠠᠪᠤᠳᠠᠯ ᠢ ᠲᠡᠮᠳᠡᠭᠯᠡᠭᠰᠡᠨ ︽ᠠᠪᠤ ᠶᠢᠨ ᠬᠥᠯ ᠤᠨ ᠮᠥᠷ︾ ᠭᠡᠬᠦ ᠵᠣᠬᠢᠶᠠᠯ ᠪᠠ ᠵᠦᠢᠷ ᠰᠡᠴᠡᠨ ᠦᠭᠡ ᠠᠴᠠ ᠦᠵᠡᠬᠦ ᠳᠤ ᠠᠪᠤ ᠡᠵᠢ ᠶᠢᠨ ᠦᠢᠯᠨ ᠠᠵᠢᠯᠯᠠᠭ᠎ᠠ ᠨᠢ ᠦᠷ᠎ᠠ ᠬᠡᠦᠭᠡᠳ ᠤᠨ ᠣᠳᠣ ᠰᠣᠳᠣ ᠪᠣᠯᠵᠤ ᠬᠦᠮᠦᠵᠢᠭᠳᠡᠬᠦ ᠲᠠᠢ ᠰᠢᠭᠤᠳ ᠬᠤᠯᠪᠤᠭ᠎ᠠ ᠲᠠᠢ ᠪᠠᠶᠢᠳᠠᠭ ᠨᠢ ᠲᠤᠩ ᠢᠯᠨ ᠳᠣᠲᠣᠷᠬᠠᠢ ᠪᠠᠶᠢᠨ᠎ᠠ᠃ ᠡᠶᠢᠮᠦ ᠠᠴᠠ ᠮᠢᠨᠤ ᠦᠵᠡᠬᠦ ᠪᠠᠷ᠂ ᠠᠪᠤ ᠡᠵᠢ ᠪᠣᠯᠤᠭᠰᠠᠳ ᠪᠠ ᠠᠯᠢ ᠨᠢᠭᠡ ᠭᠡᠷ ᠤᠨ ᠠᠬᠠᠮᠠᠳ ᠴᠠᠭ ᠢᠮᠠᠭᠳᠠ ᠮᠠᠨ ᠤ ᠮᠣᠩᠭᠤᠯ ᠦᠨᠳᠦᠰᠦᠲᠡᠨ ᠤ ︽ᠰᠥᠭᠡᠭᠡᠷᠢ ᠶᠢᠨ ᠰᠠᠶᠢᠨ ᠢᠶᠠᠷ ᠬᠥᠯᠦᠭ ᠪᠣᠯᠤᠨ᠎ᠠ᠂ ᠰᠤᠷᠭᠠᠯ ᠤᠨ ᠰᠠᠶᠢᠨ ᠢᠶᠠᠷ ᠬᠦᠮᠦᠨ ᠪᠣᠯᠤᠨ᠎ᠠ︾ ᠭᠡᠳᠡᠭ ᠵᠦᠢᠷ ᠦᠭᠡ ᠶᠢ ᠪᠠᠳᠤ ᠴᠡᠭᠡᠵᠢᠯᠡᠵᠤ ᠦᠷ᠎ᠠ ᠬᠡᠤᠭᠡᠳ ᠲᠡᠭᠡᠨ ᠦᠷᠭᠦᠯᠵᠢ ᠭᠡᠷ ᠪᠥᠯᠢ ᠶᠢᠨ ᠬᠠᠯᠠᠭᠤᠨ ᠳᠤᠲᠤᠨᠤ ᠬᠠᠶᠢᠷ᠎ᠠ ᠬᠠᠯᠠᠮᠵᠢ ᠬᠦᠷᠳᠡᠭᠡᠵᠤ᠂ ᠦᠷ᠎ᠠ ᠬᠡᠤᠭᠡᠳ ᠤᠨ ᠢᠶᠠᠨ ᠪᠤᠶᠢᠵᠢᠯᠳᠠ ᠳᠤ ᠰᠠᠶᠢᠨ ᠪᠠᠭᠰᠢ᠂ ᠲᠤᠰᠠ ᠲᠠᠢ ᠨᠠᠶᠢᠵᠠ ᠬᠠᠨᠢ ᠪᠣᠯᠬᠤ ᠪᠠᠷ ᠪᠠᠷᠠᠬᠤ ᠦᠭᠡᠢ ᠦᠷ᠎ᠠ ᠬᠡᠤᠭᠡᠳ ᠤᠨ ᠢᠶᠠᠨ ᠡᠷᠡᠭᠦᠯ ᠰᠠᠷᠠᠭᠤᠯ ᠰᠡᠴᠡᠨ ᠰᠡᠷᠭᠦᠯᠡᠩ ᠥᠰᠴᠤ ᠪᠤᠶᠢᠵᠢᠬᠤ ᠳᠤ ᠪᠡᠶ᠎ᠠ ᠪᠠᠷ ᠢᠶᠠᠨ ᠦᠯᠢᠭᠡᠷ ᠦᠵᠡᠭᠦᠯᠵᠤ ᠲᠣᠯᠢ ᠪᠣᠯᠬᠤ ᠬᠡᠷᠡᠭᠳᠡᠢ᠃ ᠤᠴᠢᠷ ᠨᠢ ᠪᠣᠳᠠᠳᠤ ᠠᠮᠢᠳᠤᠷᠠᠯ ᠤᠨ ᠳᠤᠮᠳᠠ ᠠᠴᠠ ᠪᠢᠳᠡ ᠠᠪᠤ ᠡᠵᠢ ᠶᠢᠨ ᠦᠭᠡ ᠶᠠᠷᠢᠶ᠎ᠠ᠂ ᠦᠢᠯᠨ ᠬᠥᠳᠡᠯᠦᠯ᠂ ᠵᠠᠩ ᠠᠭᠠᠯᠢ᠂ ᠬᠡᠪ ᠰᠤᠷᠳᠠᠯ᠂ ᠪᠣᠯᠪᠠᠰᠤᠷᠠᠯ ᠨᠢ ᠦᠷ᠎ᠡ ᠬᠡᠤᠭᠡᠳ ᠤᠨ ᠤᠬᠠᠭᠠᠨ ᠪᠢᠯᠢᠭ᠂ ᠤᠶᠤᠨ ᠴᠢᠳᠡᠪᠦᠷᠢ ᠴᠢᠨᠡᠬᠰᠢᠳᠡ ᠨᠡᠶᠢᠭᠡᠮ ᠨᠡᠶᠢᠳᠡ ᠳᠤ ᠠᠰᠢᠭ ᠲᠤᠰᠠᠳᠠᠢ ᠬᠦᠮᠦᠨ ᠪᠣᠯᠵᠤ ᠬᠦᠮᠦᠵᠢᠭᠳᠡᠵᠤ ᠴᠢᠳᠡᠬᠤ ᠡᠰᠡᠬᠦ ᠶᠢ ᠰᠢᠭᠤᠳ ᠨᠥᠯᠥᠭᠡᠯᠡᠵᠤ ᠪᠠᠶᠢᠬᠤ ᠶᠢᠨ ᠬᠠᠮᠳᠤ ᠬᠦᠮᠦᠨ ᠤ ᠠᠮᠢᠳᠤᠷᠠᠯ ᠤᠨ ᠠᠶᠠᠨ ᠳᠤ ᠵᠥᠪ ᠵᠠᠮ ᠢᠶᠠᠷ ᠶᠠᠪᠤᠵᠤ ᠵᠣᠷᠢᠭᠰᠠᠨ ᠳᠠᠭᠠᠨ ᠬᠦᠷᠴᠤ ᠵᠤᠯ ᠲᠠᠢ ᠦᠢᠯᠡᠰ ᠢᠶᠠᠨ ᠠᠮᠵᠢᠯᠳᠠ ᠲᠠᠢ ᠰᠠᠶᠢᠨ ᠪᠡᠶᠡᠯᠡᠭᠦᠯᠬᠦ ᠳᠤ ᠣᠷᠣᠯᠠᠵᠤ ᠪᠣᠯᠬᠤ ᠦᠭᠡᠢ ᠦᠢᠯᠡᠳᠦᠯ ᠦᠵᠡᠭᠦᠯᠳᠡᠭ᠃ ᠮᠠᠨ ᠤ ᠮᠣᠩᠭᠤᠯ ᠦᠨᠳᠦᠰᠦᠳᠡᠨ ᠤ ᠵᠦᠢᠷ ᠰᠠᠴᠠᠨ ᠦᠭᠡ ᠳᠤ ᠬᠡᠯᠡᠳᠡᠭ ᠢᠶᠠᠷ ︽ᠵᠠᠩ ᠰᠠᠶᠢᠳᠠᠢ ᠠᠶᠢᠯ ᠳᠤ ᠬᠦᠮᠦᠨ ᠢᠷᠡᠳᠡᠭ᠂ ᠵᠠᠮᠠᠭ ᠰᠠᠶᠢᠳᠠᠢ ᠤᠰᠤᠨ ᠳᠤ ᠵᠢᠭᠠᠰᠤ ᠬᠤᠷᠠᠳᠠᠭ︾ ᠭᠡᠳᠡᠭ ᠢᠶᠠᠷ ᠠᠪᠤ ᠡᠵᠢ ᠨᠢ ᠪᠤᠰᠤᠳ ᠲᠤ ᠡᠶᠡᠯᠳᠡᠭ ᠨᠥᠬᠦᠷᠰᠡᠭ ᠢᠶᠠᠷ ᠬᠠᠨᠳᠤᠵᠤ᠂ ᠪᠤᠰᠤᠳ ᠬᠦᠮᠦᠨ ᠲᠠᠢ ᠢᠯᠡᠭᠦᠭᠡᠨ ᠶᠠᠪᠤᠯᠴᠠᠵᠤ᠂ ᠪᠤᠰᠤᠳ ᠢ ᠬᠠᠪᠰᠤᠷᠬᠤ ᠪᠠᠷ ᠵᠢᠷᠭᠠᠯ ᠢᠶᠠᠨ ᠪᠣᠯᠭᠠᠳᠠᠭ ᠠᠶᠢᠯ ᠳᠤ ᠥᠰᠴᠤ ᠪᠤᠶᠢᠵᠢᠭᠰᠠᠨ ᠬᠥᠪᠡᠭᠦᠳ ᠶᠠᠭ ᠠᠪᠤ ᠡᠵᠢ ᠲᠠᠢ ᠪᠠᠨ ᠨᠢᠭᠡ ᠠᠳᠠᠯᠢ ᠪᠤᠰᠤᠳ ᠲᠤ ᠨᠠᠶᠢᠵᠠᠷᠬᠠᠭ᠂ ᠪᠤᠰᠤᠳ ᠲᠤ ᠲᠤᠰᠠᠷᠬᠠᠭ ᠪᠠᠶᠢᠳᠠᠭ ᠪᠥᠭᠡᠳ ᠠᠪᠤ ᠡᠵᠢ ᠨᠢ ᠦᠭᠡ ᠲᠠᠭᠤᠨ ᠴᠥᠭᠡᠨ ᠠᠶᠢᠯ ᠤᠨ ᠬᠡᠤᠬᠡᠤᠨ ᠪᠤᠰᠤᠳ ᠠᠴᠠ ᠮᠡᠨᠳᠤ ᠠᠰᠠᠭᠤᠬᠤ ᠪᠠᠨ ᠪᠠᠰᠠ ᠮᠡᠳᠡᠬᠦ ᠥᠬᠡᠢ ᠶᠠᠪᠤᠳᠠᠯ ᠣᠯᠠᠨ ᠪᠠᠶᠢᠬᠤ ᠢ ᠢ ᠪᠢᠳᠡ ᠡᠳᠦᠷ ᠲᠤᠳᠤᠮ ᠤᠨ ᠠᠮᠢᠳᠤᠷᠠᠯ ᠳᠤᠮᠳᠠ ᠪᠣᠯᠤᠨ ᠺᠢᠨᠤ᠋᠂ ᠲᠧᠯᠸᠢᠰ ᠲᠡᠭᠡᠷ᠎ᠠ ᠠᠴᠠ ᠠᠷᠪᠢᠨ ᠦᠵᠡᠵᠤ ᠰᠣᠨᠣᠰᠴᠤ ᠪᠠᠶᠢᠬᠤ ᠶᠤᠮ᠃      ᠲᠡᠶᠢᠮᠥ ᠠᠴᠠ ᠠᠪᠤ ᠡᠵᠢ ᠪᠣᠯᠤᠭᠰᠠᠳ ᠪᠠ ᠭᠡᠷ ᠤᠨ ᠠᠬᠠᠮᠠᠳ ᠦᠷ᠎ᠠ ᠬᠡᠤᠬᠡᠳ ᠢᠶᠠᠨ ᠣᠳᠤ ᠢ ᠶᠢᠨ ᠨᠢᠰᠬᠦ ᠮᠡᠳᠦ ᠬᠥᠭᠵᠢᠨ ᠪᠠᠳᠠᠷᠠᠵᠤ ᠪᠠᠶᠢᠭ᠎ᠠ ᠨᠡᠶᠢᠭᠡᠮ ᠤᠨ ᠠᠶᠢᠵᠠᠮ ᠲᠠᠢ ᠨᠠᠷᠢᠨ ᠨᠢᠭᠳᠠ ᠵᠣᠬᠢᠴᠠᠭᠰᠠᠨ᠂ ᠤᠯᠠᠨ ᠲᠠᠯ᠎ᠠ ᠶᠢᠨ ᠡᠷᠳᠡᠮ ᠮᠡᠳᠡᠯᠭᠡ ᠶᠢ ᠡᠵᠡᠮᠰᠢᠭᠰᠡᠨ ᠠᠯᠤᠰ ᠬᠤᠯᠨ ᠶᠢᠨ ᠬᠦᠰᠡᠯᠡᠩ ᠲᠠᠢ ᠤᠬᠠᠭᠠᠨ ᠴᠢᠳᠡᠪᠦᠷᠢ ᠬᠤᠣᠰᠯᠠᠭᠰᠠᠨ ᠬᠦᠮᠦᠨ ᠪᠣᠯᠭᠠᠨ ᠬᠦᠮᠦᠵᠢᠭᠦᠯᠬᠦ ᠭᠡᠪᠡᠯ ᠥᠪᠡᠷ ᠤᠨ ᠪᠡᠶ᠎ᠠ ᠪᠠᠨ ᠴᠢᠩᠭ᠎ᠠ ᠱᠠᠭᠠᠷᠳᠠᠵᠤ ᠰᠤᠷᠤᠯᠴᠠᠯᠭ᠎ᠠ ᠪᠠᠨ ᠬᠦᠴᠦᠷᠬᠡᠭᠵᠢᠭᠦᠯᠵᠤ᠂ ᠥᠪᠡᠷ ᠢᠶᠠᠨ ᠶᠠᠭᠤᠨ ᠤ ᠤᠷᠢᠤᠨ ᠤᠯᠠᠨ ᠵᠦᠢᠯ ᠤᠨ ᠮᠡᠳᠡᠯᠭᠡ ᠡᠵᠡᠮᠰᠢᠵᠤ ᠨᠡᠶᠢᠭᠡᠮ ᠤᠨ ᠠᠶᠢᠵᠠᠮ ᠲᠠᠢ ᠦᠷᠭᠦᠯᠵᠢ ᠬᠥᠯ ᠨᠢᠭᠡᠳᠵᠤ ᠬᠥᠭ ᠨᠠᠶᠢᠯᠠᠵᠤ ᠪᠠᠶᠢᠬᠤ ᠪᠠᠷ ᠴᠢᠷᠮᠠᠶᠢᠬᠤ ᠬᠡᠷᠡᠭᠳᠡᠢ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号